ᠲᠡᠮᠡᠭᠡ ᠦᠨᠡᠰᠦᠨ ᠳ᠋ᠦ᠍ ᠬᠥᠷᠪᠡᠭᠡᠬᠦ ᠪᠣᠯᠤᠭᠰᠠᠨ ᠤ᠋ ᠤᠴᠢᠷ-ᠳᠣᠮᠣᠭ ᠦᠯᠢᠭᠡᠷТэмээ үнсэнд хөрвөөх болсны учир-Домог үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ ᠦᠨᠡᠰᠦᠨ ᠳ᠋ᠦ᠍ ᠬᠥᠷᠪᠡᠭᠡᠬᠦ ᠪᠣᠯᠤᠭᠰᠠᠨ ᠤ᠋ ᠤᠴᠢᠷ-ᠳᠣᠮᠣᠭ ᠦᠯᠢᠭᠡᠷТэмээ үнсэнд хөрвөөх болсны учир-Домог үлгэр

ᠲᠡᠮᠡᠭᠡ ᠦᠨᠡᠰᠦᠨ ᠳ᠋ᠦ᠍ ᠬᠥᠷᠪᠡᠭᠡᠬᠦ ᠪᠣᠯᠤᠭᠰᠠᠨ ᠤ᠋ ᠤᠴᠢᠷ-ᠳᠣᠮᠣᠭ ᠦᠯᠢᠭᠡᠷТэмээ үнсэнд хөрвөөх болсны учир-Домог үлгэр

ᠠᠩᠭᠢᠯᠠᠯ:ᠳᠣᠮᠣᠭ ᠦᠯᠢᠭᠡᠷ
2025-06-26

1652

ᠲᠡᠮᠡᠭᠡ ᠦᠨᠡᠰᠦᠨ ᠳ᠋ᠦ᠍ ᠬᠥᠷᠪᠡᠭᠡᠬᠦ ᠪᠣᠯᠤᠭᠰᠠᠨ ᠤ᠋ ᠤᠴᠢᠷ

           
               ᠳᠣᠮᠣᠭ ᠦᠯᠢᠭᠡᠷ
      
     ᠤᠷᠢᠳᠤ ᠪᠤᠷᠬᠠᠨ ᠮᠣᠩᠭᠣᠯ ᠲᠣᠭᠠᠯᠠᠯ ᠤ᠋ᠨ ᠠᠷᠪᠠᠨ ᠬᠣᠶᠠᠷ ᠵᠢᠯ ᠳ᠋ᠦ᠍ ᠠᠳᠤᠭᠤᠰᠤ ᠠᠮᠢᠲᠠᠨ ᠤ᠋ ᠨᠡᠷ᠎ᠡ ᠶ᠋ᠢ ᠥᠭᠴᠦ ᠪᠠᠢᠬᠤ ᠳ᠋ᠠᠭᠠᠨ ᠠᠷᠪᠠᠨ ᠨᠢᠭᠡᠨ ᠠᠮᠢᠲᠠᠨ ᠤ᠋ ᠨᠡᠷ᠎ᠡ ᠶ᠋ᠢ ᠰᠢᠯᠤᠭᠤᠬᠠᠨ ᠵᠣᠬᠢᠶᠠᠭᠠᠳ᠂ ᠠᠷᠪᠠᠨ ᠬᠣᠶᠠᠳᠠᠬᠢ ᠪᠤᠶᠤ ᠠᠷᠪᠠᠨ ᠬᠣᠶᠠᠷ ᠵᠢᠯ ᠦ᠋ᠨ ᠬᠠᠮᠤᠭ ᠡᠬᠢᠨ ᠦ᠌ ᠵᠢᠯ ᠳ᠋ᠦ᠍ ᠶᠠᠮᠠᠷ ᠠᠮᠢᠲᠠᠨ ᠤ᠋ ᠨᠡᠷ᠎ᠡ ᠥᠭᠬᠦ ᠪᠣᠢ ᠭᠡᠲᠡᠯ᠎ᠡ ᠂ᠲᠡᠮᠡᠭᠡ ᠬᠤᠯᠤᠭᠠᠨ᠎ᠠ ᠬᠣᠶᠠᠷ ᠨᠡᠷ᠎ᠡ ᠪᠡᠨ ᠣᠷᠣᠭᠤᠯᠬᠤ ᠭᠡᠵᠦ ᠪᠤᠯᠢᠶᠠᠯᠳᠤᠵᠠᠢ᠂ ᠪᠤᠷᠬᠠᠨ ᠠᠯᠢ ᠠᠯᠢ ᠶ᠋ᠢ ᠨᠢ ᠭᠣᠮᠣᠳᠠᠭᠠᠬᠤ ᠦᠭᠡᠢ ᠶ᠋ᠢᠨ ᠲᠤᠯᠠᠳᠠ ᠥᠪᠡᠷᠰᠡᠳ ᠢ᠋ᠶ᠋ᠡᠨ ᠰᠠᠢᠳ ᠭᠡᠮᠡᠨ ᠠᠢᠯᠠᠳᠴᠠᠢ᠂ ᠲᠡᠷᠡ ᠬᠣᠶᠠᠷ ᠮᠠᠷᠭᠠᠰᠢ ᠥᠷᠯᠥᠭᠡ ᠶ᠋ᠢᠨ ᠮᠠᠨᠳᠤᠬᠤ ᠨᠠᠷᠠᠨ ᠤ᠋ ᠲᠤᠶᠠᠭᠠᠨ ᠳ᠋ᠤ᠌ ᠬᠡᠨ ᠲᠦᠷᠦᠭᠦᠯᠡᠵᠦ ᠦᠵᠡᠭᠰᠡᠨ ᠨᠢ ᠠᠷᠪᠠᠨ ᠬᠣᠶᠠᠷ ᠵᠢᠯ ᠦ᠋ᠨ ᠲᠦᠷᠦᠭᠦᠴᠢ ᠳ᠋ᠦ᠍ ᠲᠣᠬᠢᠶᠠᠭᠳᠠᠬᠤ ᠪᠣᠯᠵᠤ᠂ ᠮᠡᠯᠵᠢᠭᠡ ᠲᠣᠭᠲᠠᠭᠠᠭᠰᠠᠨ ᠠᠵᠠᠢ᠂ ᠲᠡᠮᠡᠭᠡ ᠨᠠᠷᠠ ᠭᠠᠷᠬᠤ ᠳᠣᠷᠣᠨ᠎ᠠ ᠵᠦᠭ ᠤᠷᠤᠭᠤ ᠬᠠᠷᠠᠵᠤ᠂ ᠨᠠᠷᠠ ᠭᠠᠷᠬᠤ ᠶ᠋ᠢ ᠬᠦᠯᠢᠶᠡᠵᠦ ᠵᠣᠭᠰᠣᠪᠠ᠂ ᠬᠤᠯᠤᠭᠠᠨ᠎ᠠ ᠲᠡᠮᠡᠭᠡᠨ ᠦ᠌ ᠪᠦᠬᠦᠨ ᠳᠡᠭᠡᠷ᠎ᠡ ᠭᠠᠷᠴᠤ ᠪᠠᠢᠭᠠᠳ ᠂ᠪᠠᠷᠠᠭᠤᠨ ᠵᠦᠭ ᠬᠠᠷᠠᠨ ᠂ ᠴᠠᠭ ᠢᠮᠠᠭᠲᠠ ᠠᠭᠤᠯᠠ ᠶ᠋ᠢᠨ ᠣᠷᠣᠢ ᠰᠢᠷᠲᠡᠵᠦ ᠪᠠᠢᠪᠠ᠂  ᠲᠡᠭᠡᠵᠦ ᠪᠠᠢᠲᠠᠯ᠎ᠠ ᠨᠠᠷᠠ ᠭᠠᠷᠬᠤ ᠴᠠᠭ ᠪᠣᠯᠵᠤ ᠂ ᠤᠷᠭᠤᠬᠤ ᠨᠠᠷᠠᠨ ᠤ᠋ ᠠᠩᠬᠠᠨ ᠤ᠋ ᠲᠤᠶᠠᠭ᠎ᠠ ᠪᠠᠷᠠᠭᠤᠨ ᠠᠭᠤᠯᠠ ᠶ᠋ᠢᠨ ᠣᠷᠣᠢ ᠳ᠋ᠤ᠌ ᠲᠤᠰᠤᠭᠰᠠᠨ ᠳ᠋ᠤ᠌ ᠂ᠬᠤᠯᠤᠭᠠᠨ᠎ᠠ ᠨᠠᠷᠠᠨ ᠤ᠋ ᠭᠡᠷᠡᠯ ᠢ᠋ ᠲᠦᠷᠦᠭᠦᠯᠡᠵᠦ ᠦᠵᠡᠯ᠎ᠡ ᠭᠡᠮᠡᠨ ᠬᠠᠰᠬᠢᠷᠴᠠᠢ᠂ ᠲᠡᠮᠡᠭᠡ ᠮᠡᠯᠵᠢᠭᠡ ᠪᠡᠨ ᠠᠯᠳᠠᠭᠰᠠᠨ ᠳ᠋ᠠᠭᠠᠨ ᠠᠭᠤᠷᠯᠠᠨ ᠬᠤᠯᠤᠭᠠᠨ᠎ᠠ ᠶ᠋ᠢ ᠳᠡᠪᠰᠡᠵᠦ ᠠᠯᠠᠬᠤ ᠭᠡᠵᠦ ᠤᠬᠤᠰᠬᠢᠲᠡᠯ᠎ᠡ ᠬᠤᠯᠤᠭᠠᠨ᠎ᠠ ᠣᠪᠣᠭᠠᠯᠠᠭᠤᠰᠢᠲᠠᠢ ᠦᠨᠡᠰᠦᠨ ᠳᠣᠣᠭᠤᠷ ᠭᠦᠶᠦᠨ ᠣᠷᠣᠵᠤ᠂ ᠠᠮᠢ ᠪᠠᠨ ᠬᠣᠷᠢᠭᠳᠠᠵᠤ ᠭᠡᠨ᠎ᠡ᠂ ᠲᠡᠷᠡ ᠴᠠᠭ ᠠ᠋ᠴᠠ ᠬᠣᠢᠰᠢ ᠲᠡᠮᠡᠭᠡ ᠦᠨᠡᠰᠦ ᠠᠰᠬᠠᠭᠰᠠᠨ ᠭᠠᠵᠠᠷ ᠬᠠᠷᠠᠭᠳᠠᠬᠤ ᠪᠦᠷᠢ ᠳ᠋ᠦ᠍ ᠥᠨᠥᠬᠢ ᠥᠰᠢᠶᠡᠲᠡᠨ ᠳᠠᠢᠰᠤᠨ ᠬᠤᠯᠤᠭᠠᠨ᠎ᠠ ᠶ᠋ᠢ ᠨᠢᠴᠠ ᠳᠠᠷᠤᠬᠤ ᠰᠠᠨᠠᠭᠠᠲᠠᠢ ᠦᠨᠡᠰᠦ ᠶ᠋ᠢ ᠳᠡᠪᠰᠡᠵᠦ ᠬᠥᠷᠪᠡᠭᠡᠳᠡᠭ ᠪᠣᠯᠤᠭᠰᠠᠨ ᠭᠡᠨ᠎ᠡ᠃
     ᠢᠩᠭᠢᠭᠡᠳ ᠬᠤᠯᠤᠭᠠᠨ᠎ᠠ ᠠᠷᠪᠠᠨ ᠬᠣᠶᠠᠷ ᠵᠢᠯ ᠳ᠋ᠦ᠍ ᠪᠠᠭᠲᠠᠵᠤ᠂ ᠲᠡᠮᠡᠭᠡ ᠬᠠᠰᠤᠭᠳᠠᠭᠰᠠᠨ ᠭᠡᠨ᠎ᠡ᠂ ᠭᠡᠪᠡᠴᠦ ᠲᠡᠮᠡᠭᠡ ᠠᠷᠪᠠᠨ ᠬᠣᠶᠠᠷ ᠵᠢᠯ ᠳ᠋ᠦ᠍ ᠪᠠᠭᠲᠠᠭ᠎ᠠ ᠦᠭᠡᠢ ᠪᠣᠯᠪᠠᠴᠤ᠂ ᠠᠷᠪᠠᠨ ᠬᠣᠶᠠᠷ ᠵᠢᠯ ᠳ᠋ᠦ᠍ ᠪᠠᠭᠲᠠᠭᠰᠠᠨ ᠪᠦᠬᠦ ᠠᠮᠢᠲᠠᠨ ᠤ᠋ ᠰᠢᠨᠵᠢ ᠶ᠋ᠢ ᠴᠥᠮ ᠢ᠋ ᠪᠡᠶ᠎ᠡ ᠳ᠋ᠡᠭᠡᠨ ᠠᠬᠢᠭᠤᠯᠤᠭᠰᠠᠨ ᠪᠠᠢᠳᠠᠭ ᠠᠵᠠᠢ᠃
     ᠤᠭ ᠰᠢᠨᠵᠢ ᠨᠢ ᠂ᠬᠤᠯᠤᠭᠠᠨ᠎ᠠ ᠴᠢᠬᠢ ᠲᠡᠢ᠂ ᠦᠬᠡᠷ ᠭᠡᠳᠡᠰᠦ ᠲᠡᠢ᠂ ᠪᠠᠷᠰ ᠲᠠᠪᠠᠭ ᠲᠠᠢ᠂ ᠲᠠᠤᠯᠠᠢ ᠬᠠᠮᠠᠷ ᠲᠠᠢ᠂ ᠯᠤᠤ ᠪᠡᠶ᠎ᠡ ᠲᠡᠢ᠂ ᠮᠣᠭᠠᠢ ᠨᠢᠳᠦ ᠲᠡᠢ᠂ ᠮᠣᠷᠢᠨ ᠳᠡᠯ ᠲᠡᠢ᠂ ᠬᠣᠨᠢᠨ ᠨᠣᠣᠰᠣ ᠲᠠᠢ᠂ ᠪᠡᠴᠢᠨ ᠪᠦᠬᠦ ᠲᠡᠢ᠂ ᠲᠠᠬᠢᠶᠠᠨ ᠥᠷᠪᠥᠢᠯᠭᠡ ᠲᠡᠢ᠂ ᠨᠣᠬᠠᠢ ᠭᠤᠶ᠎ᠠ ᠲᠠᠢ᠂ ᠭᠠᠬᠠᠢ ᠰᠡᠭᠦᠯ ᠲᠡᠢ ᠶᠤᠮᠰᠠᠨᠵᠠᠢ᠃

             ᠦᠰᠦᠭ ᠬᠠᠳᠠᠭᠴᠢ᠄ ᠵᠢᠷᠠᠨᠲᠠᠢ
             ᠦᠰᠦᠭ ᠠᠮᠢᠯᠠᠭᠤᠯᠤᠭᠴᠢ᠄ ᠤᠤᠭᠠᠨᠵᠢᠳ
             ᠬᠢᠨᠠᠭᠴᠢ᠄ ᠮᠡᠷᠭᠡᠨᠪᠢᠯᠢᠭ