ᠰᠠᠢᠪᠤᠷ ᠰᠢᠷᠭ᠎ᠠ- ᠣᠷᠳᠣᠰ ᠠᠷᠠᠳ ᠤ᠋ᠨ ᠳᠠᠭᠤᠤ- ᠰᠡᠴᠡᠨᠲᠤᠶᠠᠭ᠎ᠠ Сайвар шарга-ордос ардын дуу-Сэцэнтуяа
ᠰᠠᠢᠪᠤᠷ ᠰᠢᠷᠭ᠎ᠠ
ᠣᠷᠳᠣᠰ ᠠᠷᠠᠳ ᠤ᠋ᠨ ᠳᠠᠭᠤᠤ
ᠬᠥᠭᠵᠢᠮ᠄ ᠤᠷᠠᠳ ᠬᠥᠭᠵᠢᠯᠲᠦ
ᠳᠠᠭᠤᠴᠢᠨ᠄ ᠤᠢᠭᠤᠷᠵᠢᠨ᠂ ᠰᠡᠴᠡᠨᠲᠤᠶᠠᠭ᠎ᠠ
ᠰᠠᠢᠪᠤᠷ ᠰᠢᠷᠭ᠎ᠠ ᠶ᠋ᠢᠨ ᠰᠠᠢᠪᠤᠷ ᠯᠠ ᠵᠢᠷᠣᠭ᠎ᠠ
ᠰᠠᠨᠠᠭᠠᠨ ᠳ᠋ᠠᠭᠠᠨ ᠲᠠᠭᠠᠷᠠᠭᠰᠠᠨ ᠳ᠋ᠣᠣ
ᠰᠠᠳᠤᠨ ᠨᠥᠬᠥᠷ ᠦ᠋ᠨ ᠬᠡᠯᠡᠭᠰᠡᠨ ᠯᠡ ᠦᠭᠡ ᠨᠢ
ᠰᠡᠳᠬᠢᠯ ᠦ᠋ᠨ ᠮᠢᠨᠢ ᠭᠣᠣᠯ ᠢ᠋ᠶ᠋ᠠᠷ ᠰᠢᠦ
ᠠᠭᠲᠠ ᠮᠣᠷᠢᠨ ᠤ᠋ ᠠᠯᠬᠤᠳᠠᠯ ᠭᠡᠭᠴᠢ
ᠠᠯᠤᠰ ᠤ᠋ᠨ ᠢ᠋ᠶ᠋ᠠᠨ ᠭᠠᠵᠠᠷ ᠲᠤ᠌
ᠠᠮᠠᠷᠠᠭ ᠨᠥᠬᠥᠷ ᠦ᠋ᠨ ᠬᠡᠯᠡᠭᠰᠡᠨ ᠯᠡ ᠦᠭᠡ ᠨᠢ
ᠠᠶᠤᠤᠯᠢᠬᠠᠢ ᠯᠠ ᠴᠡᠭᠡᠵᠢᠨ ᠳ᠋ᠦ᠍ ᠰᠢᠦ
ᠠᠮᠠᠷᠠᠭ ᠨᠥᠬᠥᠷ ᠦ᠋ᠨ ᠬᠡᠯᠡᠭᠰᠡᠨ ᠯᠡ ᠦᠭᠡ ᠨᠢ
ᠠᠶᠤᠤᠯᠢᠬᠠᠢ ᠯᠠ ᠴᠡᠭᠡᠵᠢᠨ ᠳ᠋ᠦ᠍ ᠰᠢᠦ
ᠰᠠᠷᠠᠯ ᠮᠣᠷᠢᠨ ᠤ᠋ ᠰᠠᠢᠪᠤᠷ ᠯᠠ ᠭᠡᠭᠴᠢ
ᠰᠠᠨᠠᠭᠠᠨ ᠳ᠋ᠠᠭᠠᠨ ᠲᠠᠭᠠᠷᠠᠭᠰᠠᠨ ᠳ᠋ᠣᠣ
ᠰᠠᠢᠬᠠᠨ ᠨᠥᠬᠥᠷ ᠦ᠋ᠨ ᠬᠡᠯᠡᠭᠰᠡᠨ ᠯᠡ ᠦᠭᠡ ᠨᠢ
ᠰᠡᠳᠬᠢᠯ ᠦ᠋ᠨ ᠮᠢᠨᠢ ᠭᠣᠣᠯ ᠢ᠋ᠶ᠋ᠠᠷ ᠰᠢᠦ
ᠰᠠᠢᠬᠠᠨ ᠨᠥᠬᠥᠷ ᠦ᠋ᠨ ᠬᠡᠯᠡᠭᠰᠡᠨ ᠯᠡ ᠦᠭᠡ ᠨᠢ
ᠰᠡᠳᠬᠢᠯ ᠦ᠋ᠨ ᠮᠢᠨᠢ ᠭᠣᠣᠯ ᠢ᠋ᠶ᠋ᠠᠷ ᠰᠢᠦ
ᠰᠡᠳᠬᠢᠯ ᠦ᠋ᠨ ᠮᠢᠨᠢ ᠭᠣᠣᠯ ᠢ᠋ᠶ᠋ᠠᠷ ᠰᠢᠦ
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
