ᠰᠢᠨ᠎ᠡ ᠣᠨ ᠢ᠋ᠶ᠋ᠠᠨ ᠤᠭᠲᠤᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡШинэ оноо угтъя ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠣᠨ ᠢ᠋ᠶ᠋ᠠᠨ ᠤᠭᠲᠤᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡШинэ оноо угтъя

ᠰᠢᠨ᠎ᠡ ᠣᠨ ᠢ᠋ᠶ᠋ᠠᠨ ᠤᠭᠲᠤᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡШинэ оноо угтъя

ᠠᠩᠭᠢᠯᠠᠯ:ᠤᠷᠠᠨ ᠪᠢᠴᠢᠯᠭᠡ
2025-06-25

241

ᠰᠢᠨ᠎ᠡ ᠣᠨ ᠢ᠋ᠶ᠋ᠠᠨ ᠤᠭᠲᠤᠶ᠎ᠠ

       ᠦᠭᠡ᠄ ᠳᠣᠷᠵᠢᠰᠡᠷᠡᠩ᠂ ᠨᠠᠷᠠᠨᠮᠠᠨᠳᠤᠯ᠎ᠠ 
       ᠠᠶ᠎ᠠ᠄ ᠴᠢᠩᠮᠢᠭ 
       ᠠᠳᠢᠶ᠎ᠠ ᠳᠠᠭᠤᠯᠠᠨ᠎ᠠ 

ᠤᠶᠠᠩᠭᠠᠷᠠᠨ ᠤᠶᠠᠩᠭᠠᠷᠠᠨ ᠰᠢᠷᠤᠩᠬᠠᠢᠯᠠᠭᠠᠳ ᠪᠠᠢᠳᠠᠭ ᠳᠠᠭᠤᠤ ᠲᠠᠢ ᠪᠠᠨ ᠴᠣᠭ 
ᠤᠶᠠᠷᠠᠨ ᠤᠶᠠᠷᠠᠨ ᠡᠭᠡᠰᠢᠭᠷᠡᠭᠡᠳ ᠪᠠᠢᠳᠠᠭ ᠬᠤᠭᠤᠷ ᠲᠠᠢ ᠪᠠᠨ ᠴᠣᠭ 
ᠤᠴᠢᠷᠯᠠᠨ ᠤᠴᠢᠷᠯᠠᠨ ᠬᠠᠭᠤᠴᠢᠯᠠᠭᠠᠳ ᠪᠠᠢᠳᠠᠭ ᠲᠡᠦᠬᠡ ᠲᠡᠢ ᠪᠡᠨ ᠴᠣᠭ 
ᠤᠯᠠᠮᠵᠢᠯᠠᠨ ᠤᠯᠠᠮᠵᠢᠯᠠᠨ ᠥᠪᠯᠡᠭᠡᠳ ᠪᠠᠢᠳᠠᠭ ᠵᠠᠩᠰᠢᠯ ᠲᠠᠢ ᠪᠠᠨ ᠴᠣᠭ 

ᠲᠡᠭᠰᠢ ᠲᠠᠪᠤᠨ ᠬᠦᠰᠡᠯ ᠢ᠋ ᠵᠥᠩᠨᠡᠨ ᠬᠤᠷᠤᠢᠯᠠᠶ᠎ᠠ 
ᠲᠩᠷᠢ ᠭᠠᠵᠠᠷ ᠰᠢᠲᠦᠭᠡᠨ ᠢ᠋ᠶ᠋ᠡᠨ ᠳᠡᠭᠡᠳᠦᠯᠡᠨ ᠰᠢᠪᠰᠢᠶ᠎ᠡ 
ᠲᠡᠨᠢᠭᠦᠨ ᠵᠢᠷᠭᠠᠯᠲᠤ ᠢᠷᠡᠭᠡᠳᠦᠢ ᠪᠡᠨ ᠤᠷᠠᠢᠯᠠᠨ ᠳᠠᠭᠤᠳᠠᠶ᠎ᠠ 
ᠲᠡᠯᠮᠡᠭᠦᠨ ᠵᠢᠷᠣᠭ᠎ᠠ ᠰᠢᠨ᠎ᠡ ᠣᠨ ᠢ᠋ᠶ᠋ᠠᠨ ᠲᠡᠪᠡᠷᠢᠨ ᠤᠭᠲᠤᠶ᠎ᠠ

ᠰᠦᠵᠦᠭᠯᠡᠨ ᠰᠦᠵᠦᠭᠯᠡᠨ ᠰᠢᠲᠦᠭᠡᠳ ᠪᠠᠢᠳᠠᠭ ᠰᠦᠯᠳᠡ ᠲᠡᠢ ᠪᠡᠨ ᠴᠣᠭ
ᠰᠦᠵᠢᠷᠡᠨ ᠰᠦᠵᠢᠷᠡᠨ ᠳᠠᠭᠠᠳᠬᠠᠭᠠᠳ ᠪᠠᠢᠳᠠᠭ ᠣᠪᠣᠭ᠎ᠠ ᠲᠠᠢ ᠪᠠᠨ ᠴᠣᠭ
ᠰᠦᠨᠳᠡᠷᠯᠡᠨ ᠰᠦᠨᠳᠡᠷᠯᠡᠨ ᠬᠠᠭᠠᠷᠠᠭᠠᠳ ᠪᠠᠢᠳᠠᠭ ᠬᠠᠢᠷᠠᠬᠠᠨ ᠲᠠᠢ ᠴᠣᠭ
ᠰᠦᠯᠵᠢᠨ ᠰᠦᠯᠵᠢᠨ ᠤᠭᠠᠯᠵᠠᠯᠠᠭᠠᠳ ᠪᠠᠢᠳᠠᠭ ᠮᠥᠷᠡᠨ ᠲᠡᠢ ᠪᠡᠨ ᠴᠣᠭ

ᠲᠡᠭᠰᠢ ᠲᠠᠪᠤᠨ ᠬᠦᠰᠡᠯ ᠢ᠋ ᠵᠥᠩᠨᠡᠨ ᠬᠤᠷᠤᠢᠯᠠᠶ᠎ᠠ
ᠲᠩᠷᠢ ᠭᠠᠵᠠᠷ ᠰᠢᠲᠦᠭᠡᠨ ᠢ᠋ᠶ᠋ᠡᠨ ᠳᠡᠭᠡᠳᠦᠯᠡᠨ ᠰᠢᠪᠰᠢᠶ᠎ᠡ
ᠲᠡᠨᠢᠭᠦᠨ ᠵᠢᠷᠭᠠᠯᠲᠤ ᠢᠷᠡᠭᠡᠳᠦᠢ ᠪᠡᠨ ᠤᠷᠠᠢᠯᠠᠨ ᠳᠠᠭᠤᠳᠠᠶ᠎ᠠ
ᠲᠡᠯᠮᠡᠭᠦᠨ ᠵᠢᠷᠣᠭ᠎ᠠ ᠰᠢᠨ᠎ᠡ ᠣᠨ ᠢ᠋ᠶ᠋ᠠᠨ ᠲᠡᠪᠡᠷᠢᠨ ᠤᠭᠲᠤᠶ᠎ᠠ

ᠪᠠᠳᠮᠠᠯᠠᠨ ᠪᠠᠳᠮᠠᠯᠠᠨ ᠠᠰᠠᠭᠠᠳ ᠪᠠᠢᠳᠠᠭ ᠵᠤᠯᠠ ᠲᠠᠢ ᠪᠠᠨ ᠴᠣᠭ
ᠪᠠᠳᠠᠷᠠᠨ ᠪᠠᠳᠠᠷᠠᠨ ᠳᠦᠷᠡᠯᠵᠡᠭᠡᠳ ᠪᠠᠢᠳᠠᠭ ᠭᠣᠯᠣᠮᠲᠠ ᠲᠠᠢ ᠪᠠᠨ ᠴᠣᠭ
ᠪᠠᠬᠠᠷᠤᠨ ᠪᠠᠬᠠᠷᠤᠨ ᠥᠮᠴᠢᠷᠬᠡᠭᠡᠳ ᠪᠠᠢᠳᠠᠭ ᠰᠣᠶᠣᠯ ᠲᠠᠢ ᠪᠠᠨ ᠴᠣᠭ
ᠪᠠᠷᠠᠯᠠᠨ ᠪᠠᠷᠠᠯᠠᠨ ᠠᠮᠢᠨᠴᠢᠷᠬᠠᠭᠠᠳ ᠪᠠᠢᠳᠠᠭ ᠨᠤᠲᠤᠭ ᠲᠠᠢ ᠪᠠᠨ ᠴᠣᠭ

ᠲᠡᠭᠰᠢ ᠲᠠᠪᠤᠨ ᠬᠦᠰᠡᠯ ᠢ᠋ ᠵᠥᠩᠨᠡᠨ ᠬᠤᠷᠤᠢᠯᠠᠶ᠎ᠠ
ᠲᠩᠷᠢ ᠭᠠᠵᠠᠷ ᠰᠢᠲᠦᠭᠡᠨ ᠢ᠋ᠶ᠋ᠡᠨ ᠳᠡᠭᠡᠳᠦᠯᠡᠨ ᠰᠢᠪᠰᠢᠶ᠎ᠡ
ᠲᠡᠨᠢᠭᠦᠨ ᠵᠢᠷᠭᠠᠯᠲᠤ ᠢᠷᠡᠭᠡᠳᠦᠢ ᠪᠡᠨ ᠤᠷᠠᠢᠯᠠᠨ ᠳᠠᠭᠤᠳᠠᠶ᠎ᠠ
ᠲᠡᠯᠮᠡᠭᠦᠨ ᠵᠢᠷᠣᠭ᠎ᠠ ᠰᠢᠨ᠎ᠡ ᠣᠨ ᠢ᠋ᠶ᠋ᠠᠨ ᠲᠡᠪᠡᠷᠢᠨ ᠤᠭᠲᠤᠶ᠎ᠠ᠃

       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠠᠯᠲᠠᠨᠴᠢᠮᠡᠭ᠂ ᠳᠠᠯᠠᠨᠲᠠᠢ