ᠬᠣᠯᠪᠣᠭ᠎ᠠ ᠦᠯᠢᠭᠡᠷ -ᠦ᠋᠂ ᠶᠦᠩ ᠱᠧᠩ Холбоо-үлгэр -Ү, юн шен
ᠬᠣᠯᠪᠣᠭ᠎ᠠ ᠦᠯᠢᠭᠡᠷ
ᠬᠣᠯᠪᠣᠭ᠎ᠠ
ᠦᠭᠡ᠂ ᠠᠶ᠎ᠠ᠄ ᠦ᠋᠂ ᠶᠦᠩ ᠱᠧᠩ
ᠳᠠᠭᠤᠴᠢᠨ᠄ ᠦ᠋᠂ ᠶᠦᠩ ᠱᠧᠩ
ᠠᠷᠠᠯᠲᠤ ᠰᠠᠢᠬᠠᠨ ᠬᠤᠭᠤᠷ ᠢ᠋ᠶ᠋ᠠᠨ ᠭᠠᠷ ᠲᠤ᠌ ᠪᠠᠨ ᠠᠳᠬᠤᠭᠠᠳ ᠢᠷᠡᠪᠡᠯ ᠳᠠ
ᠠᠷᠠᠳ ᠤ᠋ᠨ ᠳᠠᠭᠤᠤ ᠪᠠᠨ ᠡᠷᠭᠦᠵᠦ ᠪᠠᠢᠨ᠎ᠠ ᠬᠦ
ᠠᠭᠰᠢᠷᠠᠭ᠎ᠠ ᠪᠣᠯᠤᠭᠰᠠᠨ ᠠᠬᠠᠰ ᠵᠠᠬᠠᠰ ᠲᠠ ᠨᠠᠷ ᠲᠠᠭᠠᠨ
ᠠᠮᠤᠷ ᠵᠢᠷᠭᠠᠯ ᠢ᠋ ᠴᠢᠨᠢ ᠳᠠᠭᠠᠳᠬᠠᠶ᠎ᠠ ᠬᠠᠢ
ᠥᠮᠥ ᠽᠠᠨᠳᠠᠨ ᠥᠨᠳᠥᠷ ᠬᠤᠭᠤᠷ ᠢ᠋ᠶ᠋ᠠᠨ ᠭᠠᠷ ᠲᠠᠭᠠᠨ ᠠᠳᠬᠤᠭᠠᠳ ᠢᠷᠡᠪᠡᠯ ᠳᠠ
ᠦᠯᠢᠭᠡᠷ ᠳᠠᠭᠤᠤ ᠪᠠᠨ ᠡᠷᠭᠦᠵᠦ ᠪᠠᠢᠨ᠎ᠠ ᠬᠦ
ᠬᠥᠭᠰᠢᠷᠡᠭᠡ ᠪᠣᠯᠤᠭᠰᠠᠨ ᠦᠳᠡᠯᠦᠭᠡ ᠣᠯᠠᠨ ᠲᠠ ᠨᠠᠷ ᠲᠠᠭᠠᠨ
ᠥᠨᠢᠷ ᠵᠢᠷᠭᠠᠯ ᠢ᠋ ᠴᠢᠨᠢ ᠳᠠᠭᠠᠳᠬᠠᠶ᠎ᠠ ᠬᠠᠢ
ᠠᠭᠠᠷ ᠳᠡᠭᠡᠷ᠎ᠡ ᠪᠡᠨ ᠳᠡᠭᠳᠡᠭᠡᠳ ᠲᠡᠭᠡᠭᠰᠡᠨ ᠠᠯᠲᠠᠨ ᠨᠠᠷᠠᠨ ᠤ᠋ ᠭᠡᠷᠡᠯ ᠰᠢᠦ
ᠠᠭᠤᠤ ᠳᠡᠯᠡᠬᠡᠢ ᠪᠡᠨ ᠭᠡᠷᠡᠯᠲᠦᠭᠦᠯᠦᠨ᠎ᠡ ᠬᠦ
ᠠᠭᠰᠢᠷᠠᠭ᠎ᠠ ᠪᠣᠯᠤᠭᠰᠠᠨ ᠠᠬᠠᠰ ᠵᠠᠬᠠᠰ ᠲᠠ ᠨᠠᠷ ᠲᠠᠭᠠᠨ
ᠠᠮᠤᠷ ᠵᠢᠷᠭᠠᠯ ᠢ᠋ ᠴᠢᠨᠢ ᠵᠣᠯᠭᠠᠶ᠎ᠠ ᠬᠠᠢ
ᠥᠨᠳᠥᠷ ᠳᠡᠭᠡᠷ᠎ᠡ ᠪᠡᠨ ᠳᠡᠭᠳᠡᠭᠡᠳ ᠲᠡᠭᠡᠭᠰᠡᠨ ᠥᠩᠭᠡᠲᠡᠢ ᠨᠠᠷᠠᠨ ᠤ᠋ ᠭᠡᠷᠡᠯ ᠰᠢᠦ
ᠶᠢᠷᠲᠢᠨᠴᠦ ᠳᠡᠯᠡᠬᠡᠢ ᠪᠡᠨ ᠭᠡᠷᠡᠯᠲᠦᠭᠦᠯᠦᠨ᠎ᠡ ᠬᠦ
ᠬᠥᠭᠰᠢᠷᠡᠭᠡ ᠪᠣᠯᠤᠭᠰᠠᠨ ᠦᠳᠡᠯᠦᠭᠡ ᠣᠯᠠᠨ ᠲᠠ ᠨᠠᠷ ᠲᠠᠭᠠᠨ
ᠥᠯᠵᠡᠢ ᠮᠥᠷ ᠢ᠋ ᠴᠢᠨᠢ ᠳᠠᠭᠠᠳᠬᠠᠶ᠎ᠠ ᠬᠠᠢ
ᠬᠠᠳᠠᠨ ᠤ᠋ ᠡᠩᠭᠡᠷ ᠡᠴᠡ ᠤᠷᠤᠰᠤᠭᠠᠳ ᠲᠡᠭᠡᠭᠰᠡᠨ ᠰᠢᠷ᠎ᠠ ᠮᠥᠷᠡᠨ ᠦ᠌ ᠤᠰᠤ ᠶᠤᠮ ᠳᠠ
ᠬᠠᠨᠠᠭᠠᠷ ᠬᠣᠷᠴᠢᠨ ᠢ᠋ᠶ᠋ᠠᠨ ᠰᠢᠮᠡᠵᠢᠭᠦᠯᠦᠨ᠎ᠡ ᠬᠦ
ᠬᠠᠭᠤᠴᠢᠨ ᠳᠡᠭᠡᠳᠦ ᠡᠴᠡ ᠤᠯᠠᠮᠵᠢᠯᠠᠭᠠᠳ ᠢᠷᠡᠭᠰᠡᠨ ᠬᠣᠯᠪᠣᠭ᠎ᠠ ᠮᠢᠨᠢ
ᠬᠣᠷᠴᠢᠨ ᠮᠣᠩᠭᠣᠯ ᠤ᠋ᠨ ᠠᠮᠢᠨ ᠡᠷᠳᠡᠨᠢ ᠰᠢᠦ
ᠠᠭᠤᠯᠠᠨ ᠡᠩᠭᠡᠷ ᠡᠴᠡ ᠤᠷᠤᠰᠤᠭᠠᠳ ᠪᠠᠭᠤᠭᠰᠠᠨ ᠥᠯᠵᠡᠢ ᠮᠥᠷᠡᠨ ᠦ᠌ ᠤᠰᠤ ᠶᠤᠮ ᠳᠠ
ᠠᠭᠤᠳᠠᠮ ᠬᠣᠷᠴᠢᠨ ᠢ᠋ᠶ᠋ᠠᠨ ᠰᠢᠮᠡᠵᠢᠭᠦᠯᠦᠨ᠎ᠡ ᠬᠦ
ᠡᠪᠦᠭᠡ ᠶ᠋ᠢᠨ ᠡᠪᠦᠭᠡ ᠡᠴᠡ ᠤᠯᠠᠮᠵᠢᠯᠠᠭᠠᠳ ᠢᠷᠡᠭᠰᠡᠨ ᠦᠯᠢᠭᠡᠷ ᠮᠢᠨᠢ
ᠥᠷᠭᠡᠨ ᠮᠣᠩᠭᠣᠯ ᠤ᠋ᠨ ᠠᠮᠢᠨ ᠡᠷᠳᠡᠨᠢ ᠰᠢᠦ
ᠬᠣᠷᠸ᠎ᠠ ᠴᠤ᠌ ᠳᠡᠯᠡᠬᠡᠢ ᠳᠡᠭᠡᠷ᠎ᠡ ᠨᠢ ᠬᠤᠭᠤᠷ ᠤ᠋ᠨ ᠦᠯᠢᠭᠡᠷ ᠰᠢᠦ
ᠬᠥᠬᠡ ᠮᠣᠩᠭᠣᠯ ᠳ᠋ᠠᠭᠠᠨ ᠪᠠᠢᠳᠠᠭ ᠶᠤᠮ ᠬᠦ
ᠬᠣᠢᠴᠢᠰ ᠪᠣᠯᠤᠭᠰᠠᠨ ᠵᠠᠯᠠᠭᠤᠴᠤᠳ ᠪᠢᠳᠡ ᠨᠠᠷ ᠨᠢ
ᠬᠡᠪ ᠨᠠᠮᠪᠠ ᠶ᠋ᠢ ᠨᠢ ᠳᠠᠭᠤᠷᠢᠶᠠᠶᠠ ᠬᠦ
ᠭᠠᠯᠪᠠ ᠴᠤ᠌ ᠳᠡᠯᠡᠬᠡᠢ ᠳᠡᠭᠡᠷ᠎ᠡ ᠨᠢ ᠬᠤᠭᠤᠷ ᠤ᠋ᠨ ᠦᠯᠢᠭᠡᠷ ᠰᠢᠦ
ᠭᠠᠭᠴᠠᠬᠠᠨ ᠮᠣᠩᠭᠣᠯ ᠳ᠋ᠠᠭᠠᠨ ᠪᠠᠢᠳᠠᠭ ᠶᠤᠮ ᠬᠦ
ᠭᠠᠷᠤᠭᠰᠠᠨ ᠬᠣᠢᠴᠢᠰ ᠵᠠᠯᠠᠭᠤᠴᠤᠳ ᠪᠢᠳᠡ ᠨᠠᠷ ᠨᠢ
ᠭᠠᠢᠬᠠᠮᠰᠢᠭᠲᠤ ᠤᠷᠠᠯᠢᠭ ᠢ᠋ᠶ᠋ᠠᠨ ᠤᠯᠠᠮᠵᠢᠯᠠᠶ᠎ᠠ ᠬᠠᠢ
ᠭᠠᠢᠬᠠᠮᠰᠢᠭᠲᠤ ᠤᠷᠠᠯᠢᠭ ᠢ᠋ᠶ᠋ᠠᠨ ᠤᠯᠠᠮᠵᠢᠯᠠᠶ᠎ᠠ ᠬᠠᠢ
ᠦᠰᠦᠭ ᠠᠮᠢᠯᠠᠭᠤᠯᠤᠭᠰᠠᠨ ᠄ ᠪᠤᠤ᠂ ᠰᠠᠷᠠᠨ᠎ᠠ
ᠦᠰᠦᠭ ᠬᠠᠲᠠᠭᠰᠠᠨ᠄ ᠪᠤᠤ᠂ ᠰᠠᠷᠠᠨ᠎ᠠ
ᠬᠢᠨᠠᠭᠴᠢ᠄ ᠢᠷᠡᠭᠡᠳᠦᠢ᠂ ᠡᠩᠬᠡᠮᠡᠨᠳᠦ
ᠪᠢᠴᠢᠯᠭᠡ ᠵᠢᠷᠤᠭ᠄ ᠣᠯᠬᠣᠨᠤᠳ ᠠᠶᠤᠰᠢ
ᠳᠥᠭᠥᠮ ᠬᠠᠳᠠᠮᠠᠯ ᠴᠤᠭᠯᠠᠷᠠᠯ ᠨᠠᠢᠷᠠᠭᠤᠯᠪᠠ
