ᠶᠤᠨᠳᠤᠨ ᠭᠡ ᠭᠡЁндон гэ гэ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠨᠳᠤᠨ ᠭᠡ ᠭᠡЁндон гэ гэ

ᠶᠤᠨᠳᠤᠨ ᠭᠡ ᠭᠡЁндон гэ гэ

2025-06-24

683

ᠶᠤᠨᠳᠤᠨ ᠭᠡ ᠭᠡ

ᠲᠢᠶᠧ ᠮᠢᠩ 
ᠲᠢᠶᠧ ᠭᠠᠩ 
ᠵᠢᠨ ᠭᠠᠩ 
ᠠᠬ᠎ᠠ ᠳᠡᠭᠦᠦ ᠭᠤᠷᠪᠠᠭᠤᠯᠠ ᠳᠠᠭᠤᠯᠠᠪᠠ 

ᠳᠠᠷᠬᠠᠨ ᠸᠠᠩ ᠤ᠋ᠨ ᠦᠶ᠎ᠡ ᠳ᠋ᠦ᠍ 
ᠶᠤᠨᠳᠤᠨ ᠬᠡ ᠬᠡ ᠳᠠᠪᠠᠭᠤ ᠴᠤ᠌ ᠰᠠᠢᠬᠠᠨ ᠬᠦᠢ 
ᠲᠥᠷᠥᠭᠰᠡᠨ ᠬᠥᠮᠦᠨ ᠬᠦᠢ 
ᠲᠦᠮᠡᠨ ᠬᠥᠮᠦᠨ ᠦ᠌ ᠳᠤᠮᠳᠠ ᠨᠢ ᠪᠡᠨ 
ᠲᠦᠷᠦᠭᠦᠦ ᠨᠢ ᠪᠣᠯᠵᠤ ᠪᠣᠯᠤᠮᠠᠷ ᠬᠥᠮᠦᠨ 
 
ᠳᠠᠩᠬᠠᠰ ᠳᠠᠩᠬᠠᠰ ᠠᠯᠬᠤᠭ᠎ᠠ ᠲᠠᠢ ᠶᠠ ᠬᠦᠢ 
ᠳᠠᠯᠤ ᠮᠥᠷᠥ ᠪᠡᠨ ᠳᠠᠪᠠᠭᠰᠠᠨ ᠭᠡᠵᠢᠭᠡ ᠲᠡᠢ ᠳᠡ ᠬᠦᠢ 
ᠳᠠᠷᠬᠠᠨ ᠸᠠᠩ ᠤ᠋ᠨ ᠶᠤᠨᠳᠤᠨ ᠬᠡ ᠬᠡ ᠬᠦᠢ 
ᠳᠠᠪᠠᠭᠤ ᠰᠠᠢᠬᠠᠨ ᠲᠥᠷᠥᠭᠰᠡᠨ ᠬᠥᠮᠦᠨ ᠬᠦᠢ

ᠢᠩᠭᠢᠰ ᠢᠩᠭᠢᠰ ᠠᠯᠬᠤᠭ᠎ᠠ ᠲᠠᠢ ᠶᠠ ᠬᠦᠢ
ᠢᠯᠪᠢᠰ ᠭᠡᠰᠡᠨ ᠬᠠᠷ᠎ᠠ ᠭᠡᠵᠢᠭᠡ ᠲᠡᠢ ᠶᠠ ᠬᠦᠢ
ᠶᠡᠬᠡ ᠸᠠᠩ ᠤ᠋ᠨ ᠶᠤᠨᠳᠤᠨ ᠬᠡ ᠬᠡ ᠬᠦᠢ
ᠶᠠᠭᠠᠬᠢᠵᠤ ᠴᠤ᠌ ᠰᠠᠢᠬᠠᠨ ᠲᠥᠷᠥᠭᠰᠡᠨ ᠶᠤᠮ ᠬᠦᠢ

ᠪᠣᠷᠣᠭᠠᠨ ᠤ᠋ ᠬᠢᠨᠢ ᠳᠠᠭᠤᠨ ᠠ᠋ᠴᠠ ᠠᠶᠤᠨ᠎ᠠ ᠭᠡᠳ ᠬᠦᠢ
ᠪᠤᠮᠠᠨ ᠦᠰᠦᠭ ᠲᠡᠢ ᠳᠦ ᠳᠦ ᠶ᠋ᠢ ᠣᠶᠣᠭᠠᠳ ᠥᠭᠭᠦᠭᠰᠡᠨ ᠶᠤᠮ
ᠪᠤᠷᠤᠩᠬᠤᠢ ᠵᠠᠩ ᠲᠠᠢ ᠪᠣᠯᠬᠤ ᠦᠭᠡᠢ ᠭᠡᠳ
ᠪᠤᠷᠬᠠᠨ ᠢ᠋ᠶ᠋ᠠᠨ ᠪᠠᠷᠢᠭᠠᠳ ᠲᠠᠩᠭᠠᠷᠢᠭᠯᠠᠭᠰᠠᠨ ᠶᠤᠮ ᠬᠦᠢ

ᠲᠩᠷᠢ ᠶ᠋ᠢᠨ ᠳᠠᠭᠤᠨ ᠠ᠋ᠴᠠ ᠠᠶᠤᠨ᠎ᠠ ᠭᠡᠳ
ᠲᠦᠮᠡᠨ ᠦᠰᠦᠭ ᠲᠡᠢ ᠳᠦ ᠳᠦ ᠶ᠋ᠢ ᠣᠶᠣᠭᠠᠳ ᠥᠭᠭᠦᠭᠰᠡᠨ ᠶᠤᠮ
ᠲᠡᠷᠰᠯᠡᠭᠦᠦ ᠵᠠᠩ ᠲᠠᠢ ᠪᠣᠯᠬᠤ ᠦᠭᠡᠢ ᠭᠡᠳ
ᠲᠩᠷᠢ ᠪᠡᠨ ᠪᠠᠷᠢᠭᠠᠳ ᠲᠠᠩᠭᠠᠷᠢᠭᠯᠠᠭᠰᠠᠨ ᠶᠤᠮ ᠬᠦᠢ

ᠳᠠᠭ᠎ᠠ ᠶ᠋ᠢᠨ ᠮᠣᠷᠢ ᠪᠠᠨ ᠤᠨᠤᠬᠤ ᠶ᠋ᠢᠨ ᠦᠶ᠎ᠡ ᠳ᠋ᠦ᠍ ᠨᠢ ᠬᠦᠢ
ᠳᠠᠯᠤ ᠶ᠋ᠢ ᠨᠢ ᠢᠯᠪᠢᠵᠦ ᠪᠠᠢᠭᠠᠳ ᠤᠨᠤᠳᠠᠭ ᠶᠤᠮ ᠠ᠋ ᠬᠦᠢ
ᠳᠠᠪᠠᠭᠤ ᠲᠥᠷᠥᠵᠡᠢ ᠰᠠᠢᠬᠠᠨ ᠭᠡᠳ ᠯᠡ
ᠳᠠᠭᠠᠵᠤ ᠨᠡᠬᠡᠭᠡᠳ ᠬᠡᠯᠡᠯᠴᠡᠭᠰᠡᠨ ᠶᠤᠮ ᠬᠦᠢ

ᠦᠷᠢᠶ᠎ᠡ ᠴᠤ᠌ ᠮᠣᠷᠢ ᠪᠠᠨ ᠤᠨᠤᠬᠤ ᠶ᠋ᠢᠨ ᠦᠶ᠎ᠡ ᠳ᠋ᠦ᠍ ᠬᠦᠢ
ᠦᠰᠦ ᠶ᠋ᠢ ᠨᠢ ᠢᠯᠪᠢᠵᠦ ᠪᠠᠢᠭᠠᠳ ᠤᠨᠤᠳᠠᠭ ᠶᠤᠮ ᠬᠦᠢ
ᠡᠪᠯᠢᠭ ᠲᠥᠷᠥᠵᠡᠢ ᠰᠠᠢᠬᠠᠨ ᠭᠡᠳ ᠯᠡ
ᠦᠵᠡᠵᠦ ᠲᠣᠭᠣᠭᠠᠳ ᠬᠡᠯᠡᠯᠴᠡᠭᠰᠡᠨ ᠶᠤᠮ ᠬᠦᠢ
ᠡᠪᠯᠢᠭ ᠲᠥᠷᠥᠵᠡᠢ ᠰᠠᠢᠬᠠᠨ ᠭᠡᠳ ᠯᠡ
ᠦᠵᠡᠵᠦ ᠯᠡ ᠲᠣᠭᠣᠭᠠᠳ ᠬᠡᠯᠡᠯᠴᠡᠭᠰᠡᠨ ᠶᠤᠮ ᠬᠦᠢ

ᠦᠰᠦᠭ ᠠᠮᠢᠯᠠᠭᠤᠯᠤᠭᠰᠠᠨ᠄ ᠣᠯᠬᠣᠨᠤᠳ ᠠᠶᠤᠰᠢ
ᠦᠰᠦᠭ ᠬᠠᠲᠠᠭᠰᠠᠨ᠄ ᠴᠡᠴᠡᠭ
ᠬᠢᠨᠠᠭᠴᠢ᠄ ᠪᠢᠮᠪᠠ᠂ ᠠᠯᠲᠠᠨᠴᠡᠴᠡᠭ᠂ ᠡᠩᠬᠡᠮᠡᠨᠳᠦ
ᠪᠢᠴᠢᠯᠭᠡ ᠵᠢᠷᠤᠭ ᠢ᠋ ᠳᠥᠭᠥᠮ ᠬᠠᠲᠠᠮᠠᠯ ᠴᠤᠭᠯᠠᠷᠠᠯ ᠨᠠᠢᠷᠠᠭᠤᠯᠪᠠ᠂