ᠦᠯᠢᠭᠡᠷ ᠶᠠᠷᠢᠭᠰᠠᠨ ᠨᠢҮлгэрярьсан нь
ᠦᠯᠢᠭᠡᠷ ᠶᠠᠷᠢᠭᠰᠠᠨ ᠨᠢ
ᠣᠯᠠᠨ ᠢ᠋ ᠬᠡᠰᠦᠵᠦ
ᠣᠯᠣᠭᠠᠢ ᠪᠠᠨ ᠳᠦᠭᠦᠷᠭᠡᠳᠡᠭ
ᠲᠦᠮᠡᠨ ᠢ᠋ ᠬᠡᠰᠦᠵᠦ
ᠲᠡᠩᠭᠡᠷᠴᠡᠭ ᠢ᠋ᠶ᠋ᠡᠨ ᠳᠦᠭᠦᠷᠭᠡᠳᠡᠭ ᠲᠡᠨᠦᠮᠡᠯ ᠪᠠᠳᠢᠷᠴᠢᠨ ᠯᠠᠮᠠ ᠪᠠᠢᠵᠤ ᠭᠡᠨ᠎ᠡ᠃ ᠲᠡᠭᠡᠭᠡᠳ ᠬᠡᠭᠡᠷ᠎ᠡ ᠪᠡᠷ ᠭᠡᠷ ᠬᠢᠵᠦ ᠬᠡᠴᠡ ᠪᠡᠷ ᠳᠡᠷᠡ ᠬᠢᠵᠦ ᠶᠠᠪᠤᠭᠠᠳ ᠨᠢᠭᠡ ᠠᠢᠯ ᠬᠠᠷᠠᠭᠳᠠᠬᠤ ᠪᠠᠷ ᠨᠢ ᠰᠠᠢᠬᠠᠨ ᠭᠡᠳᠡᠰᠦ ᠭᠠᠷᠴᠤ ᠤᠨᠲᠠᠵᠤ ᠠᠮᠠᠷᠠᠬᠤ ᠪᠠᠷ ᠰᠢᠢᠳᠦᠭᠡᠳ ᠶᠠᠪᠤᠭᠠᠳ ᠣᠴᠢᠵᠠᠢ᠃ ᠭᠡᠲᠡᠯ᠎ᠡ ᠲᠡᠷᠡ ᠠᠢᠯ ᠤ᠋ᠨ ᠬᠢᠨ《 ᠦᠯᠢᠭᠡᠷ ᠶᠠᠷᠢᠵᠤ ᠥᠭᠪᠡᠯ ᠤᠨᠲᠠᠭᠤᠯᠤᠨ᠎ᠠ᠂ ᠡᠰᠡ ᠶᠠᠷᠢᠵᠤ ᠦᠭᠪᠡᠰᠦ ᠬᠥᠭᠡᠭᠡᠵᠦ ᠶᠠᠪᠤᠭᠤᠯᠤᠨ᠎ᠠ》 ᠭᠡᠮᠡᠨ ᠬᠠᠲᠠᠭᠤ ᠦᠭᠡ ᠬᠡᠯᠡᠵᠦ ᠭᠡᠨ᠎ᠡ᠃
ᠪᠡᠯᠡᠨ ᠠᠮᠠᠲᠤ ᠪᠠᠳᠢᠷᠴᠢᠨ ᠤᠤᠬᠠᠢ ᠶ᠋ᠢᠨ ᠲᠠᠰᠤ《 ᠰᠥᠨᠢᠵᠢᠨ ᠰᠠᠢᠬᠠᠨ ᠦᠯᠢᠭᠡᠷ ᠶᠠᠷᠢᠵᠤ ᠥᠭᠭᠦᠨ᠎ᠡ ᠰᠢᠦ》 ᠭᠡᠵᠦ ᠠᠮᠠᠯᠠᠭᠠᠳ ᠲᠡᠳᠡᠨ ᠦ᠌ ᠳ᠋ᠦ᠍ ᠰᠠᠢᠬᠠᠨ ᠬᠣᠭᠣᠯᠠ ᠴᠠᠢ ᠬᠢᠯᠭᠡᠵᠦ ᠠᠮᠠᠷᠠᠵᠤ ᠲᠤᠬᠠᠯᠠᠵᠤ ᠰᠠᠭᠤᠪᠠ᠃
ᠲᠡᠭᠡᠵᠦ ᠪᠠᠢᠲᠠᠯ᠎ᠠ ᠦᠳᠡᠰᠢ ᠴᠦ᠍ ᠪᠣᠯᠵᠤ ᠠᠢᠯ ᠤ᠋ᠨ ᠤᠯᠤᠰ《 ᠪᠠᠳᠢᠷᠴᠢᠨ ᠭᠤᠸᠠᠢ᠂ ᠦᠯᠢᠭᠡᠷ ᠢ᠋ᠶ᠋ᠡᠨ ᠡᠬᠢᠯᠡᠬᠦ ᠦᠭᠡᠢ ᠤᠤ》 ᠭᠡᠰᠡᠨ ᠳ᠋ᠦ᠍ ᠲᠡᠷᠡ ᠪᠡᠷ《 ᠣᠷᠣᠨ ᠳ᠋ᠤ᠌ ᠪᠠᠨ ᠣᠷᠣᠭᠠᠳ ᠡᠬᠢᠯᠡᠶ᠎ᠡ᠂ ᠣᠯᠠᠨ ᠰᠠᠢᠬᠠᠨ ᠦᠯᠢᠭᠡᠷ ᠴᠡᠭᠡᠵᠢᠨ ᠳ᠋ᠦ᠍ ᠪᠠᠢᠨ᠎ᠠ》 ᠭᠡᠵᠦ ᠭᠡᠨ᠎ᠡ᠃ ᠲᠡᠳᠡ ᠪᠠᠳᠢᠷᠴᠢᠨ ᠳ᠋ᠤ᠌ ᠰᠠᠢᠬᠠᠨ ᠣᠷᠣ ᠵᠠᠰᠠᠵᠤ ᠥᠭᠭᠦᠭᠡᠳ ᠥᠪᠡᠷᠰᠡᠳ ᠢ᠋ᠶ᠋ᠡᠨ ᠣᠷᠣᠨ ᠳ᠋ᠤ᠌ ᠪᠠᠨ ᠣᠷᠣᠵᠤ ᠬᠡᠪᠲᠡᠵᠡᠢ᠃《 ᠣᠳᠣ ᠦᠯᠢᠭᠡᠷ ᠢ᠋ᠶ᠋ᠡᠨ ᠡᠬᠢᠯᠡᠶ᠎ᠡ》 ᠭᠡᠲᠡᠯ᠎ᠡ ᠪᠠᠳᠢᠷᠴᠢᠨ᠂
— ᠤᠷᠢᠳ ᠪᠢ ᠴᠠᠭ ᠤ᠋ᠨ ᠰᠠᠢᠬᠠᠨ ᠵᠤᠨ ᠤ᠋ ᠳᠡᠯᠭᠡᠷ ᠲᠦ᠍᠂ ᠽᠠᠨᠳᠠᠨ ᠵᠣᠣ ᠣᠷᠣᠳᠠᠭ ᠵᠠᠮ ᠢ᠋ᠶ᠋ᠠᠷ ᠵᠠᠩᠬᠠᠭ ᠵᠠᠩᠬᠠᠭ ᠭᠡᠳ ᠠᠯᠬᠤᠵᠤ ᠶᠠᠪᠤᠲᠠᠯ᠎ᠠ ᠭᠡᠬᠦ ᠳ᠋ᠦ᠍᠂
— ᠵᠠ ᠲᠡᠭᠡᠭᠡᠳ ᠭᠡᠮᠡᠨ ᠤᠯᠤᠰ ᠤᠤᠬᠠᠢᠯᠠᠵᠠᠢ᠃
— ᠵᠠᠮ ᠤ᠋ᠨ ᠬᠠᠵᠠᠭᠤ ᠪᠠᠷ ᠽᠠᠨᠳᠠᠨ ᠴᠤ᠌ ᠤᠷᠭᠤᠭᠰᠠᠨ ᠪᠠᠢᠬᠤ ᠶᠤᠮ᠂ ᠵᠠᠮᠪᠠᠭ᠎ᠠ ᠴᠤ᠌ ᠤᠷᠭᠤᠭᠰᠠᠨ ᠪᠠᠢᠬᠤ ᠶᠤᠮ᠃
— ᠽᠠᠮᠪᠤᠲᠢᠪ ᠭᠡᠳᠡᠭ ᠮᠥᠨ ᠰᠠᠢᠬᠠᠨ ᠠ᠋ ᠭᠡᠳ ᠪᠠᠳᠢᠷᠴᠢᠨ ᠲᠠᠭ ᠳᠤᠭᠤᠢ ᠪᠤᠯᠬᠤᠢ ᠳ᠋ᠤ᠌᠂
— ᠵᠠ ᠲᠡᠭᠡᠭᠡᠳ ᠴᠢᠨᠠᠭᠰᠢ ᠨᠢ ᠰᠣᠨᠢᠷᠬᠠᠨ ᠳᠠᠭᠤ ᠠᠯᠳᠠᠬᠤ ᠳ᠋ᠤ᠌ ᠪᠠᠳᠢᠷᠴᠢᠨ᠂
— ᠵᠠᠯᠠᠭᠤ ᠪᠠᠢᠬᠤ ᠳ᠋ᠤ᠌ ᠮᠥᠨ ᠴᠦ᠍ ᠲᠣᠮᠣᠭ᠎ᠠ ᠦᠭᠡᠢ ᠪᠠᠢᠵᠤ ᠳᠠ ᠭᠡᠳ ᠪᠠᠰᠠ ᠯᠠ ᠠᠵᠢᠨ ᠳᠥᠵᠢᠨ ᠪᠣᠯᠵᠠᠢ᠃
— ᠲᠡᠭᠡᠭᠡᠳ ᠲᠡᠭᠡᠭᠡᠳ ᠭᠡᠮᠡᠨ ᠤᠯᠤᠰ ᠠᠮᠠ ᠪᠤᠯᠢᠶᠠᠯᠳᠤᠬᠤᠢ ᠳ᠋ᠤ᠌᠂
— ᠵᠠᠮ ᠳᠠᠭᠠᠭᠠᠳ ᠶᠠᠪᠤᠭᠠᠳ ᠯᠠ ᠪᠠᠢᠯ᠎ᠠ᠂ ᠶᠠᠪᠤᠭᠠᠳ ᠯᠠ ᠪᠠᠢᠯ᠎ᠠ ᠭᠡᠵᠦ ᠠᠮᠠ ᠶ᠋ᠢ ᠨᠢ ᠲᠠᠭᠯᠠᠪᠠ᠃
— ᠵᠠ ᠲᠡᠭᠡᠭᠡᠳ ᠶᠠᠭᠠᠬᠢᠭᠰᠠᠨ ᠪᠣᠢ ᠭᠡᠮᠡᠨ ᠤᠯᠤᠰ ᠲᠡᠪᠴᠢᠶᠡᠷᠢ ᠠᠯᠳᠠᠬᠤ ᠳ᠋ᠤ᠌᠂
— ᠵᠠ ᠲᠡᠭᠡᠲᠡᠯ᠎ᠡ ᠵᠠᠮ ᠤ᠋ᠨ ᠬᠠᠵᠠᠭᠤ ᠳ᠋ᠤ᠌ ᠨᠢᠭᠡ ᠭᠣᠵᠣᠢᠭᠰᠠᠨ ᠰᠢᠷ᠎ᠠ ᠶᠠᠭᠤᠮ᠎ᠠ ᠭᠠᠷᠤᠭᠠᠳ ᠢᠷᠡᠯ᠎ᠡ ᠰᠢᠦ ᠭᠡᠳ ᠪᠠᠳᠢᠷᠴᠢᠨ ᠪᠠᠰᠠ ᠯᠠ ᠠᠨᠢᠷ ᠭᠦᠮ ᠪᠣᠯᠤᠯ᠎ᠠ᠃
— ᠶᠠᠭᠤ ᠪᠣᠢ ᠲᠡᠷᠡ ᠴᠢᠨᠢ ᠭᠡᠵᠦ ᠤᠯᠤᠰ ᠤ᠋ᠨ ᠳᠠᠭᠤ ᠴᠢᠩᠭᠠᠷᠠᠭᠠᠳ ᠢᠷᠡᠬᠦᠢ ᠳ᠋ᠦ᠍᠂
— ᠵᠠ᠂ ᠵᠠ ᠶᠠᠭᠤ ᠪᠠᠢᠳᠠᠭ ᠶᠤᠮ ᠪᠣᠢ᠂ ᠵᠤᠷᠠᠮ᠎ᠠ ᠯᠠ ᠪᠠᠢᠬᠤ ᠦᠭᠡᠢ ᠤᠤ! ᠲᠡᠭᠡᠭᠡᠳ ᠨᠦᠬᠡᠨ ᠳ᠋ᠦ᠍ ᠪᠡᠨ ᠡᠷᠭᠢᠭᠡᠳ ᠰᠢᠷᠭᠤᠭ᠎ᠠ ᠯᠠ ᠪᠢᠵᠡ ᠳᠡ᠂ ᠵᠤᠨ ᠤ᠋ ᠰᠥᠨᠢ ᠪᠣᠭᠣᠨᠢ ᠭᠡᠳᠡᠭ ᠢ᠋ ᠲᠠ ᠨᠠᠷ ᠶᠠᠭᠤ ᠡᠰᠡ ᠠᠨᠳᠠᠬᠤ ᠪᠣᠢ᠂ ᠵᠠ ᠣᠳᠣ ᠲᠦᠷᠭᠡᠨ ᠤᠨᠲᠠᠵᠠᠭᠠᠶᠠ ᠭᠡᠳ ᠪᠠᠳᠢᠷᠴᠢᠨ ᠭᠡᠷ ᠳᠣᠷᠭᠢᠲᠠᠯ᠎ᠠ ᠳᠡᠭᠡᠪᠦᠷ ᠭᠦᠪᠦᠯᠵᠡᠲᠡᠯᠡ ᠬᠤᠷᠬᠢᠷᠠᠵᠤ ᠭᠠᠷᠴᠤ ᠭᠡᠨ᠎ᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
