ᠮᠣᠩᠭᠣᠯ ᠶᠣᠰᠣ ᠪᠠᠷ ᠮᠥᠷᠭᠥᠨ ᠵᠣᠯᠭᠠᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡМонгол ёсаар мөргөн золгоё ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠶᠣᠰᠣ ᠪᠠᠷ ᠮᠥᠷᠭᠥᠨ ᠵᠣᠯᠭᠠᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡМонгол ёсаар мөргөн золгоё

ᠮᠣᠩᠭᠣᠯ ᠶᠣᠰᠣ ᠪᠠᠷ ᠮᠥᠷᠭᠥᠨ ᠵᠣᠯᠭᠠᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡМонгол ёсаар мөргөн золгоё

ᠠᠩᠭᠢᠯᠠᠯ:ᠤᠷᠠᠨ ᠪᠢᠴᠢᠯᠭᠡ
2025-06-24

345

ᠮᠣᠩᠭᠣᠯ ᠶᠣᠰᠣ ᠪᠠᠷ ᠮᠥᠷᠭᠥᠨ ᠵᠣᠯᠭᠠᠶ᠎ᠠ


    ᠦᠭᠡ᠂ ᠠᠶ᠎ᠠ᠄ ᠪᠠᠶᠠᠨᠴᠡᠩᠭᠡᠯ  
    ᠳᠠᠭᠤᠴᠢᠨ᠄ ᠠ᠊ · ᠴᠢᠮᠡᠭ   

ᠠᠯᠤᠰ ᠠ᠋ᠴᠠ ᠢᠷᠡᠭᠰᠡᠨ ᠭᠡᠢᠴᠢᠳ ᠮᠢᠨᠢ  
ᠠᠮᠤᠷ ᠮᠡᠨᠳᠦ ᠬᠦᠷᠦᠭᠡᠳ ᠢᠷᠡᠪᠡᠦ  
ᠠᠷᠢᠭᠤᠨ ᠮᠣᠩᠭᠣᠯ ᠤ᠋ᠨ ᠰᠠᠢᠬᠠᠨ ᠵᠠᠩᠰᠢᠯ ᠢ᠋ᠶ᠋ᠠᠷ  
ᠠᠢᠯᠴᠢᠯᠠᠭᠠᠳ ᠢᠷᠡᠪᠡᠦ ᠲᠠ ᠨᠠᠷ ᠮᠢᠨᠢ᠃   

ᠮᠣᠩᠭᠣᠯ ᠶᠣᠰᠣ ᠪᠠᠷ ᠢ᠋ᠶ᠋ᠠᠨ ᠮᠥᠷᠭᠥᠨ ᠰᠦᠭᠦᠷᠴᠤ ᠵᠣᠯᠭᠠᠶ᠎ᠠ
ᠮᠥᠩᠭᠥᠨ ᠠᠶᠠᠭᠠᠨ ᠳ᠋ᠠᠭᠠᠨ ᠭᠡᠮᠨᠡ ᠪᠠᠷᠢᠶ᠎ᠠ᠃

ᠰᠠᠨᠠᠭᠠᠳ ᠢᠷᠡᠭᠰᠡᠨ ᠲᠠ ᠨᠠᠷ ᠲᠠᠭᠠᠨ
ᠰᠠᠭᠠᠯᠢ ᠶ᠋ᠢᠨ ᠠᠷᠢᠬᠢ ᠪᠠᠨ ᠭᠡᠮᠨᠡ ᠪᠠᠷᠢᠶ᠎ᠠ
ᠰᠠᠢᠬᠠᠨ ᠮᠣᠩᠭᠣᠯ ᠤ᠋ᠨ ᠴᠠᠢᠯᠭᠠᠨ ᠰᠡᠳᠬᠢᠯ ᠢ᠋ᠶ᠋ᠡᠷ
ᠰᠠᠮᠪᠠᠢ ᠬᠠᠳᠠᠭ ᠢ᠋ᠶ᠋ᠠᠨ ᠠᠯᠲᠠᠯᠠ ᠲᠠᠲᠠᠶ᠎ᠠ᠃

ᠮᠣᠩᠭᠣᠯ ᠶᠣᠰᠣ ᠪᠠᠷ ᠢ᠋ᠶ᠋ᠠᠨ ᠮᠥᠷᠭᠥᠨ ᠰᠦᠭᠦᠷᠴᠤ ᠵᠣᠯᠭᠠᠶ᠎ᠠ
ᠮᠥᠩᠭᠥᠨ ᠠᠶᠠᠭᠠᠨ ᠳ᠋ᠠᠭᠠᠨ ᠭᠡᠮᠨᠡ ᠪᠠᠷᠢᠶ᠎ᠠ᠃

ᠬᠣᠯᠠ ᠠ᠋ᠴᠠ ᠢᠷᠡᠭᠰᠡᠨ ᠲᠠ ᠨᠠᠷ ᠢ᠋ ᠪᠡᠨ
ᠬᠣᠢᠮᠣᠷ ᠰᠠᠭᠤᠯᠭᠠᠨ ᠬᠦᠨᠳᠦᠳᠬᠡᠨ ᠵᠣᠴᠢᠯᠠᠶ᠎ᠠ
ᠬᠣᠨᠢᠨ ᠰᠢᠭᠦᠰᠦ ᠪᠡᠨ ᠳᠡᠭᠡᠵᠢᠯᠡ ᠲᠡᠪᠰᠢᠯᠡᠭᠡᠳ
ᠬᠤᠪᠢ ᠢᠷᠦᠭᠡᠯ ᠢ᠋ ᠴᠢᠨᠢ ᠵᠥᠩᠨᠡ ᠢᠷᠥᠭᠡᠶ᠎ᠡ᠃

ᠮᠣᠩᠭᠣᠯ ᠶᠣᠰᠣ ᠪᠠᠷ ᠢ᠋ᠶ᠋ᠠᠨ ᠮᠥᠷᠭᠥᠨ ᠰᠦᠬᠦᠷᠴᠤ ᠵᠣᠯᠭᠠᠶ᠎ᠠ
ᠮᠥᠩᠭᠥᠨ ᠠᠶᠠᠭᠠᠨ ᠳ᠋ᠠᠭᠠᠨ ᠭᠡᠮᠨᠡ ᠪᠠᠷᠢᠶ᠎ᠠ
ᠮᠣᠩᠭᠣᠯ ᠶᠣᠰᠣ ᠪᠠᠷ ᠢ᠋ᠶ᠋ᠠᠨ ᠮᠥᠷᠭᠥᠨ ᠰᠦᠬᠦᠷᠴᠤ ᠵᠣᠯᠭᠠᠶ᠎ᠠ
ᠮᠥᠩᠭᠥᠨ ᠠᠶᠠᠭᠠᠨ ᠳ᠋ᠠᠭᠠᠨ ᠬᠡᠮᠨᠡ ᠪᠠᠷᠢᠶ᠎ᠠ
ᠮᠥᠩᠭᠥᠨ ᠠᠶᠠᠭᠠᠨ ᠳ᠋ᠠᠭᠠᠨ ᠭᠡᠮᠨᠡ ᠪᠠᠷᠢᠶ᠎ᠠ ᠃
 

      ᠦᠰᠦᠭ ᠠᠮᠢᠯᠠᠭᠤᠯᠤᠭᠴᠢ᠄ ᠨᠠᠷᠠᠨᠲᠣᠭᠣᠰ
      ᠬᠢᠨᠠᠭᠴᠢ᠄ ᠤᠤᠭᠠᠨᠵᠢᠳ