ᠦᠷᠡᠯᠬᠡᠭ ᠴᠡᠴᠡᠭҮрэлхэг цэцэгÜrelkheg tsetseg ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷᠡᠯᠬᠡᠭ ᠴᠡᠴᠡᠭҮрэлхэг цэцэгÜrelkheg tsetseg

ᠦᠷᠡᠯᠬᠡᠭ ᠴᠡᠴᠡᠭҮрэлхэг цэцэгÜrelkheg tsetseg

2025-06-24

146

ᠦᠷᠡᠯᠬᠡᠭ ᠴᠡᠴᠡᠭ 

   ᠲᠤᠰ ᠡᠮ ᠪᠣᠯ ᠬᠣᠯᠲᠣᠰᠣᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠦᠷᠡᠯᠬᠡᠭ ᠴᠡᠴᠡᠭ ᠦ᠋ᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ᠃
   [ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃ ᠪᠦᠬᠦ ᠪᠡᠶ᠎ᠡ ᠳ᠋ᠦ᠍ᠨᠢ ᠪᠠᠷᠤᠭ ᠦᠰᠦ ᠦᠭᠡᠢ᠂ ᠣᠯᠠᠨ ᠰᠠᠯᠠᠭᠠᠯᠠᠨ᠎ᠠ᠃ ᠬᠥᠷᠥᠰᠥᠨ ᠳᠣᠣᠷ᠎ᠠ ᠨᠢ ᠴᠠᠭᠠᠨ ᠥᠩᠭᠡ ᠲᠡᠢ ᠰᠠᠬᠠᠯ ᠦᠨᠳᠦᠰᠦ ᠲᠡᠢ᠃ ᠡᠰᠢ ᠨᠢ ᠲᠤᠷᠤᠭ ᠪᠦᠳᠦᠭᠦᠨ᠂15~60cm ᠥᠨᠳᠥᠷ᠃ ᠦᠨᠳᠦᠰᠦᠨ ᠡᠴᠡ ᠤᠷᠭᠤᠭᠰᠠᠨ ᠨᠠᠪᠴᠢ ᠨᠢ ᠪᠤᠲᠠᠯᠠᠨ᠎ᠠ᠂ ᠪᠠᠷᠢᠭᠤᠯ ᠲᠠᠢ ᠳᠠᠩ ᠨᠠᠪᠴᠢ ᠨᠢ3 ᠭᠦᠨ ᠣᠨᠢ ᠲᠠᠢ᠂ ᠲᠣᠭᠣᠷᠢᠭ ᠪᠥᠭᠡᠷᠡᠨ ᠬᠡᠯᠪᠡᠷᠢ ᠲᠡᠢ ᠪᠤᠶᠤ ᠵᠢᠷᠦᠬᠡᠨ ᠬᠡᠯᠪᠡᠷᠢ ᠲᠡᠢ᠂3~4cm ᠤᠷᠲᠤ᠂1.2~4cm ᠥᠷᠭᠡᠨ᠂ ᠵᠢᠷᠦᠬᠡᠨ ᠬᠡᠯᠪᠡᠷᠢᠲᠦ ᠤᠭ ᠲᠠᠢ᠂ ᠬᠠᠵᠠᠭᠤ ᠶ᠋ᠢᠨ ᠰᠡᠵᠢᠭᠦᠷ ᠢᠯᠲᠠᠰᠤ ᠨᠢ2 ᠣᠨᠢ ᠲᠠᠢ᠂ ᠳᠤᠮᠳᠠ ᠰᠡᠵᠢᠭᠦᠷ ᠢᠯᠲᠠᠰᠤ ᠨᠢ ᠱᠠᠭᠠᠨᠲᠠᠭ ᠬᠡᠯᠪᠡᠷᠢ ᠲᠡᠢ᠂ ᠭᠦᠢᠬᠡᠨ ᠣᠨᠢᠲᠤ ᠬᠥᠪᠡᠭᠡ ᠲᠡᠢ ᠪᠥᠭᠡᠳ ᠮᠣᠬᠣᠭᠣ ᠪᠦᠳᠦᠭᠦᠨ ᠬᠡᠷᠴᠢᠶᠡᠰᠦ ᠲᠡᠢ᠂ ᠡᠰᠢᠨ ᠳ᠋ᠡᠬᠢ ᠨᠠᠪᠴᠢ ᠨᠢ ᠴᠤᠪᠤᠷᠠᠨ ᠤᠷᠭᠤᠨ᠎ᠠ᠃ ᠬᠠᠯᠢᠰᠤᠯᠢᠭ ᠥᠷᠭᠡᠵᠢᠭᠰᠡᠨ ᠤᠭ ᠲᠠᠢ ᠪᠥᠭᠡᠳ ᠶᠡᠷᠦ ᠳ᠋ᠡᠭᠡᠨ3 ᠭᠦᠢᠴᠡᠳ ᠣᠨᠢ ᠲᠠᠢ᠂ ᠰᠡᠵᠢᠭᠦᠷ ᠢᠯᠲᠠᠰᠤ ᠨᠢ ᠨᠠᠷᠢᠬᠠᠨ ᠣᠨᠢ ᠭᠠᠷᠬᠤ ᠪᠤᠶᠤ3 ᠣᠨᠢ ᠲᠠᠢ᠂ ᠮᠤᠬᠤᠷ ᠦᠵᠦᠭᠦᠷ ᠲᠡᠢ᠂ ᠬᠠᠮᠤᠭ ᠳᠡᠭᠡᠷ᠎ᠡ ᠬᠡᠰᠡᠭ ᠦ᠋ᠨ ᠨᠠᠪᠴᠢ ᠨᠢ ᠪᠠᠷᠤᠭ ᠪᠠᠷᠢᠭᠤᠯ ᠦᠭᠡᠢ᠂ ᠨᠠᠪᠴᠢᠨ ᠢᠯᠲᠠᠰᠤ ᠨᠢ ᠬᠠᠪᠲᠠᠭᠠᠢ ᠲᠣᠭᠣᠷᠢᠭ ᠪᠦᠰᠡ ᠬᠡᠯᠪᠡᠷᠢ ᠲᠡᠢ᠂ ᠭᠢᠯᠦᠭᠡᠷ᠂ ᠦᠰᠦ ᠦᠭᠡᠢ᠃ ᠳᠡᠭᠡᠷ᠎ᠡ ᠬᠡᠰᠡᠭ ᠲᠡᠭᠡᠨ ᠣᠯᠠᠨ ᠰᠠᠯᠠᠭᠠᠯᠠᠵᠤ᠂ ᠰᠢᠷ᠎ᠠ ᠥᠩᠭᠡ ᠲᠡᠢ ᠵᠢᠵᠢᠭ ᠴᠡᠴᠡᠭ ᠳᠡᠯᠭᠡᠷᠡᠨ᠎ᠡ᠂ ᠴᠡᠴᠡᠭ ᠦ᠋ᠨ ᠳ᠋ᠢᠶᠠᠮᠧᠲ᠋ᠷ ᠨᠢ6~8mm᠂5 ᠲᠣᠭᠳᠣᠢ ᠢᠯᠲᠠᠰᠤ ᠲᠠᠢ᠂ ᠭᠠᠳᠠᠨ᠎ᠠ ᠪᠠᠨ ᠶᠠᠯᠢᠮ ᠦᠭᠡᠢ ᠦᠰᠦ ᠲᠡᠢ᠂ ᠴᠡᠴᠡᠭᠯᠡᠬᠦ ᠦᠶ᠎ᠡ ᠳ᠋ᠦ᠍ ᠮᠠᠲᠠᠷᠢᠨ᠎ᠠ᠂ ᠴᠡᠴᠡᠭ ᠦ᠋ᠨ ᠳᠡᠯᠪᠢ ᠨᠢ5᠂ ᠲᠣᠭᠳᠣᠢ ᠢᠯᠲᠠᠰᠤ ᠲᠠᠢ ᠪᠠᠨ ᠲᠡᠩᠴᠡᠭᠦᠦ ᠤᠷᠲᠤ᠂ ᠰᠠᠷᠪᠠᠭᠠᠷ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠭᠢᠯᠦᠭᠡᠷ᠂ ᠤᠭ ᠤ᠋ᠨ ᠬᠡᠰᠡᠭ ᠲᠤᠨᠢ ᠵᠢᠵᠢᠭ ᠬᠠᠢᠷᠰᠤᠯᠢᠭ ᠢᠯᠲᠠᠰᠤ ᠲᠠᠢ᠃ ᠣᠯᠠᠨ ᠡᠷ᠎ᠡ ᠲᠣᠭᠣᠷᠴᠣᠭ ᠪᠠ ᠡᠮ᠎ᠡ ᠲᠣᠭᠣᠷᠴᠣᠭ ᠲᠠᠢ᠂ ᠲᠣᠭᠣᠰᠣᠪᠴᠢ ᠨᠢ ᠤᠷᠲᠤᠯᠵᠢᠨ ᠵᠤᠤᠪᠠᠩ ᠬᠡᠯᠪᠡᠷᠢ ᠲᠡᠢ᠂ ᠤᠮᠠᠢ ᠨᠢ ᠨᠠᠷᠢᠨ ᠵᠢᠵᠢᠭ ᠃ ᠨᠡᠢᠯᠡᠮᠡᠯ ᠵᠢᠮᠢᠰ ᠨᠢ ᠵᠤᠤᠪᠠᠩ ᠠ᠋ᠴᠠ ᠤᠷᠲᠤᠯᠵᠢᠨ ᠵᠣᠣᠪᠠᠩᠯᠢᠭ ᠪᠥᠭᠡᠷᠡᠩᠬᠡᠢ ᠪᠠᠭᠠᠨ᠎ᠠ ᠬᠡᠯᠪᠡᠷᠢ ᠲᠡᠢ ᠣᠯᠠᠨ ᠲᠤᠷᠠᠩᠬᠠᠢ ᠵᠢᠮᠢᠰ ᠲᠡᠢ᠂ ᠥᠷᠭᠡᠨ ᠥᠨᠳᠡᠭᠡᠯᠵᠢᠨ ᠲᠣᠭᠣᠷᠢᠭ ᠬᠡᠯᠪᠡᠷᠢ ᠲᠡᠢ᠂ ᠦᠰᠦ ᠦᠭᠡᠢ᠂1~1.2cmᠤᠷᠲᠤ᠂ ᠴᠡᠴᠡᠭ ᠦ᠋ᠨ ᠪᠠᠭᠠᠨ᠎ᠠ ᠨᠢ ᠮᠠᠰᠢ ᠣᠬᠣᠷ᠃3~5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠴᠢᠭᠢᠭᠯᠢᠭ ᠣᠷᠴᠢᠨ᠂ ᠤᠰᠤᠨ ᠤ᠋ ᠬᠥᠪᠡᠭᠡ ᠪᠤᠶᠤ ᠤᠰᠤᠨ ᠳᠣᠲᠣᠷ᠎ᠠ ᠴᠤ᠌ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ ᠲᠤ ᠪᠦᠷ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ᠂ ᠵᠤᠨ ᠴᠡᠴᠡᠭᠯᠡᠬᠦ ᠦᠶ᠎ᠡ ᠳ᠋ᠦ᠍ᠨᠢ ᠲᠡᠭᠦᠵᠦ᠂ ᠰᠢᠪᠡᠷ ᠰᠢᠷᠣᠢ ᠵᠡᠷᠭᠡ ᠬᠣᠯᠢᠮᠠᠭ ᠵᠦᠢᠯ ᠢ᠋ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠂ ᠭᠠᠰᠢᠭᠤᠨ ᠠᠮᠲᠠ ᠲᠠᠢ᠃ ᠬᠠᠯᠠᠭᠤᠨ ᠴᠢᠨᠠᠷ ᠲᠠᠢ᠃ ᠬᠥᠩᠭᠡᠨ᠂ ᠬᠠᠭᠤᠷᠠᠢ᠂ ᠰᠢᠷᠦᠭᠦᠨ᠂ ᠬᠤᠷᠴᠠ ᠡᠷᠳᠡᠮ ᠲᠡᠢ᠃ ᠪᠠᠭ᠎ᠠ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠪᠡᠲᠡᠭᠢ ᠶ᠋ᠢ ᠡᠪᠳᠡᠬᠦ᠂ ᠰᠢᠷ᠎ᠠ ᠤᠰᠤ ᠶ᠋ᠢ ᠲᠠᠲᠠᠬᠤ᠂ ᠬᠣᠣᠷ ᠢ᠋ ᠲᠠᠢᠯᠬᠤ᠂ ᠢᠯᠴᠢ ᠶ᠋ᠢ ᠰᠡᠯᠪᠢᠬᠦ᠂ ᠢᠯᠵᠢᠷᠡᠬᠦ ᠶ᠋ᠢ ᠵᠣᠭᠰᠣᠭᠠᠬᠤ᠂ ᠬᠣᠷᠣᠬᠠᠢ ᠶ᠋ᠢ ᠨᠢᠲᠤᠯᠬᠤ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠡᠰᠡ ᠰᠢᠩᠭᠡᠭᠰᠡᠨ᠂ ᠬᠣᠳᠣᠭᠣᠳᠣᠨ ᠤ᠋ ᠭᠠᠯ ᠤ᠋ᠨ ᠢᠯᠴᠢ ᠪᠠᠭᠤᠷᠠᠭᠰᠠᠨ᠂ ᠪᠠᠳᠭ᠋ᠠᠨ ᠪᠡᠲᠡᠭᠢ᠂ ᠠᠯᠠᠭ ᠮᠠᠷᠢᠶ᠎ᠠ᠂ ᠬᠤᠯᠤᠭᠠᠨ᠎ᠠ ᠶ᠋ᠢᠨ ᠶᠠᠷ᠎ᠠ᠂ ᠮᠣᠭᠠᠢ ᠶ᠋ᠢᠨ ᠬᠣᠣᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄石龙芮
   ᠠᠩᠭ᠌ᠯᠢ ᠨᠡᠷ᠎ᠡ᠄Ranuncuius sceleratus L.

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ