ᠵᠢᠷᠣᠭ᠎ᠠ ᠮᠣᠷᠢᠨ ᠤ᠋ ᠴᠣᠯᠠЖороо морны цол ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠣᠭ᠎ᠠ ᠮᠣᠷᠢᠨ ᠤ᠋ ᠴᠣᠯᠠЖороо морны цол

ᠵᠢᠷᠣᠭ᠎ᠠ ᠮᠣᠷᠢᠨ ᠤ᠋ ᠴᠣᠯᠠЖороо морны цол

2025-06-23

1400

ᠵᠢᠷᠣᠭ᠎ᠠ ᠮᠣᠷᠢᠨ ᠤ᠋ ᠴᠣᠯᠠ


ᠵᠠ 
ᠳᠣᠶᠢ ᠲᠠᠪᠠᠭ ᠨᠢ ᠪᠣᠲᠠᠷᠠᠰᠬᠢᠵᠤ 
ᠲᠤᠭ ᠰᠡᠭᠦᠯ ᠨᠢ ᠰᠠᠭᠰᠠᠰᠬᠢᠨ᠎ᠡ 
ᠲᠣᠭᠣᠰ ᠤ᠋ᠨ ᠵᠢᠭᠦᠷ ᠳᠡᠯᠭᠡᠰᠬᠢᠵᠤ 
ᠲᠣᠭᠣᠰᠣ ᠮᠠᠨᠠᠨ ᠰᠤᠭᠤᠨᠠᠭᠯᠠᠨ᠎ᠠ 
ᠭᠠᠷᠠᠬᠠᠨ ᠬᠠᠵᠠᠭᠠᠷ ᠳᠤᠯᠠᠰᠬᠢᠵᠦ 
ᠭᠠᠨᠵᠤᠭ᠎ᠠ ᠭᠥᠯᠢᠮ ᠳᠡᠪᠢᠰᠬᠢᠨ᠎ᠠ 
ᠭᠠᠷᠤᠳᠢ ᠶ᠋ᠢᠨ ᠬᠦᠵᠦᠭᠦᠦ ᠰᠤᠨᠤᠰᠬᠢᠵᠤ 
ᠭᠠᠩ ᠲᠤᠭᠤᠷᠠᠢ ᠬᠢᠯᠠᠰᠬᠢᠨ᠎ᠡ 
ᠪᠦᠭᠲᠦᠷᠡᠭᠡ ᠰᠠᠢᠲᠠᠢ ᠵᠢᠷᠣᠭ᠎ᠠ ᠮᠣᠷᠢ
ᠪᠥᠮᠪᠥᠭᠡ ᠠᠳᠠᠯᠢ ᠪᠥᠮᠪᠥᠯᠵᠡᠨ᠎ᠡ
ᠪᠥᠮᠪᠥᠭᠡ ᠠᠳᠠᠯᠢ ᠪᠥᠮᠪᠥᠯᠵᠡᠭᠡᠳ
ᠪᠥᠵᠥᠩ ᠠᠳᠠᠯᠢ ᠰᠦᠮᠪᠦᠯᠵᠡᠨ᠎ᠠ
ᠬᠠᠮᠤᠭ᠎ᠠ ᠰᠠᠢᠲᠠᠢ ᠵᠢᠷᠣᠭ᠎ᠠ ᠮᠣᠷᠢ
ᠬᠠᠨᠳᠠᠭᠠᠢ ᠠᠳᠠᠯᠢ ᠬᠠᠢᠪᠠᠯᠵᠠᠨ᠎ᠠ
ᠬᠠᠨᠳᠠᠭᠠᠢ ᠠᠳᠠᠯᠢ ᠬᠠᠢᠪᠠᠯᠵᠠᠭᠠᠳ
ᠴᠢᠨᠳᠠᠭ᠎ᠠ ᠠᠳᠠᠯᠢ ᠲᠠᠢᠪᠠᠯᠵᠠᠨ᠎ᠠ
ᠤᠭ ᠲᠥᠷᠥᠯ ᠨᠢ ᠤᠷᠭᠤᠭ᠎ᠠ ᠵᠢᠷᠣᠭ᠎ᠠ
ᠤᠯᠠᠮ ᠬᠣᠢᠨ᠎ᠠ ᠪᠠᠨ ᠱᠤᠩᠭᠤᠭ᠎ᠠ ᠵᠢᠷᠣᠭ᠎ᠠ
ᠤᠷᠤᠭᠤ ᠭᠠᠵᠠᠷ ᠤᠷᠤᠰᠤᠮ᠎ᠠ ᠵᠢᠷᠣᠭ᠎ᠠ
ᠤᠰᠤᠨ ᠲᠠᠯᠠᠮᠠᠨ ᠤᠷᠠᠨ ᠵᠢᠷᠣᠭ᠎ᠠ
ᠠᠭᠤᠯᠠ ᠬᠠᠢᠷᠬᠠᠨ ᠳᠠᠢᠪᠤᠮ᠎ᠠ ᠵᠢᠷᠣᠭ᠎ᠠ
ᠤᠰᠤ ᠮᠥᠷᠡᠨ ᠴᠠᠯᠭᠢᠮ᠎ᠠ ᠵᠢᠷᠣᠭ᠎ᠠ
ᠤᠷᠠᠨ ᠲᠣᠭᠣᠰ ᠪᠥᠵᠢᠭᠯᠡᠮ᠎ᠡ ᠵᠢᠷᠣᠭ᠎ᠠ
ᠤᠨᠲᠠᠬᠤ ᠨᠣᠢᠷᠠᠨ ᠳ᠋ᠤ᠌ ᠵᠡᠭᠦᠳᠦᠯᠡᠮ᠎ᠡ ᠵᠢᠷᠣᠭ᠎ᠠ
ᠬᠠᠵᠠᠭᠤ ᠳᠡᠭᠡᠭᠦᠷ ᠬᠠᠢᠪᠤᠭ᠎ᠠ ᠵᠢᠷᠣᠭ᠎ᠠ
ᠬᠠᠷᠪᠤᠭᠰᠠᠨ ᠰᠤᠮᠤ ᠰᠢᠭ᠋ ᠬᠤᠷᠳᠤᠨ ᠵᠢᠷᠣᠭ᠎ᠠ
ᠥᠭᠡᠳᠡ ᠭᠠᠵᠠᠷ ᠡᠯᠭᠦᠭᠡ ᠵᠢᠷᠣᠭ᠎ᠠ
ᠡᠪᠡᠰᠦᠨ ᠲᠣᠯᠣᠭᠠᠢ ᠨᠠᠢᠭᠤᠮ᠎ᠠ ᠵᠢᠷᠣᠭ᠎ᠠ
ᠳᠡᠨᠵᠢᠨ ᠳᠡᠭᠡᠭᠦᠷ ᠳᠡᠭᠳᠡᠮ᠎ᠡ ᠵᠢᠷᠣᠭ᠎ᠠ
ᠳᠡᠷᠡᠰᠦᠨ ᠲᠣᠯᠣᠭᠠᠢ ᠬᠡᠪᠲᠡᠮ᠎ᠡ ᠵᠢᠷᠣᠭ᠎ᠠ
ᠰᠦᠷᠦᠭ ᠦ᠋ᠨ ᠴᠢᠮᠡᠭ ᠬᠣᠪᠣᠷ ᠵᠢᠷᠣᠭ᠎ᠠ
ᠰᠡᠭᠦᠳᠡᠷ ᠵᠢᠷᠤᠭ ᠲᠤ᠌ ᠭᠠᠷᠭᠠᠮ᠎ᠠ ᠵᠢᠷᠣᠭ᠎ᠠ
ᠨᠠᠢ᠍ᠮᠠᠨ ᠭᠠᠨᠵᠤᠭ᠎ᠠ ᠪᠣᠰᠣᠮ᠎ᠠ ᠵᠢᠷᠣᠭ᠎ᠠ
ᠨᠠᠪᠴᠢᠲᠤ ᠳᠡᠯᠡᠬᠡᠢ ᠪᠡᠶᠡᠰᠦᠮ᠎ᠡ ᠵᠢᠷᠣᠭ᠎ᠠ
ᠨᠢᠯᠬ᠎ᠠ ᠬᠡᠦᠬᠡᠳ ᠢᠨᠢᠶᠡᠮ᠎ᠡ ᠵᠢᠷᠣᠭ᠎ᠠ
ᠨᠠᠰᠤᠲᠠᠢ ᠬᠥᠮᠦᠰ ᠤᠶᠠᠷᠠᠮ᠎ᠠ ᠵᠢᠷᠣᠭ᠎ᠠ
ᠭᠠᠵᠠᠷ ᠤ᠋ᠨ ᠬᠥᠷᠥᠰᠥ ᠡᠷᠢᠶᠡᠯᠵᠡᠮ᠎ᠡ ᠵᠢᠷᠣᠭ᠎ᠠ
ᠭᠠᠨᠳᠢ ᠮᠣᠳᠣ ᠱᠤᠤᠭᠢᠮ᠎ᠠ ᠵᠢᠷᠣᠭ᠎ᠠ
ᠭᠠᠯᠪᠠ ᠶ᠋ᠢᠨ ᠠᠮᠢᠲᠠᠨ ᠭᠠᠢᠬᠠᠮ᠎ᠠ ᠵᠢᠷᠣᠭ᠎ᠠ
ᠭᠠᠩᠭᠠᠩ ᠠᠵᠠᠢ ᠳᠠᠭᠤᠯᠠᠮ᠎ᠠ ᠵᠢᠷᠣᠭ᠎ᠠ
ᠬᠤᠷᠠᠭᠰᠠᠨ ᠬᠥᠮᠦᠰ ᠭᠠᠢᠬᠠᠯᠴᠠᠨ
ᠬᠤᠷᠤᠭᠤ ᠭᠠᠷᠭᠠᠨ ᠱᠠᠭᠰᠢᠯᠴᠠᠨ
ᠰᠠᠭᠠᠯᠢ ᠶ᠋ᠢᠨ ᠳᠡᠭᠡᠵᠢ ᠪᠡᠨ ᠡᠷᠭᠦᠯᠴᠡᠨ
ᠰᠠᠢᠬᠠᠨ ᠠᠯᠳᠠᠷ ᠢ᠋ ᠨᠢ ᠮᠠᠭᠲᠠᠯᠴᠠᠨ᠎ᠠ᠃

   ᠦᠰᠦᠭ ᠬᠠᠳᠠᠭᠴᠢ᠄ ᠪᠣᠷᠵᠢᠭᠢᠨ ᠠᠵᠠᠵᠠᠶᠠᠭ᠎ᠠ
   ᠤᠩᠰᠢᠭᠴᠢ᠄ ᠠᠨᠠᠷ
   ᠦᠰᠦᠭ ᠠᠮᠢᠯᠠᠭᠤᠯᠤᠭᠴᠢ ᠄ ᠪᠠᠶᠠᠡᠠᠡᠭᠤᠯᠠ
   ᠵᠢᠯᠣᠭᠣᠳᠤᠭᠰᠠᠨ ᠪᠠᠭᠰᠢ᠄ ᠭᠠᠪᠢᠶᠠᠲᠤ
   ᠬᠢᠨᠠᠭᠴᠢ ᠄ ᠠᠯᠲᠠᠨᠴᠡᠴᠡᠭ