ᠮᠣᠩᠭᠣᠯ ᠭᠡᠷ -ᠮᠥ᠊᠂ ᠬᠠᠰᠰᠣᠳᠣ᠌ Монгол гэр-Мө,Хассод
ᠮᠣᠩᠭᠣᠯ ᠭᠡᠷ
ᠮᠥ᠊᠂ ᠬᠠᠰᠰᠣᠳᠣ᠌
ᠲᠡᠭᠷᠢ ᠶ᠋ᠢᠨ ᠬᠢᠵᠠᠭᠠᠷ ᠠ᠋ᠴᠠ ᠬᠠᠷᠠᠬᠤ ᠳ᠋ᠤ᠌
ᠲᠡᠷᠭᠡᠯ ᠰᠠᠷ᠎ᠠ ᠰᠢᠭ᠋ ᠳᠤᠭᠤᠢ
ᠲᠡᠷᠲᠡᠭᠡ ᠬᠣᠯᠠ ᠨᠡᠭᠦᠬᠦ ᠳ᠋ᠦ᠍
ᠲᠡᠮᠡᠭᠡᠨ ᠳ᠋ᠦ᠍ ᠬᠥᠩᠭᠡᠨ ᠠᠴᠢᠶ᠎ᠠ
ᠨᠡᠭᠦᠳᠡᠯᠴᠢ ᠮᠣᠩᠭᠣᠯ ᠤ᠋ᠨ ᠭᠡᠷ
ᠨᠡᠭᠦᠬᠦ ᠳ᠋ᠦ᠍ ᠡᠢᠮᠦ ᠳᠥᠬᠥᠮᠬᠡᠨ
ᠲᠣᠭᠣᠨᠣ᠂ ᠬᠥᠯᠲᠥᠷᠭᠡ᠂ ᠲᠡᠭᠦᠪᠦᠷᠢ
ᠲᠤᠭᠤᠷᠭ᠎ᠠ᠂ ᠬᠠᠨ᠎ᠠ᠂ ᠣᠨᠢ
ᠬᠠᠭᠠᠯᠭ᠎ᠠ᠂ ᠪᠦᠰᠡᠯᠡᠭᠦᠷ᠂ ᠪᠦᠴᠡ
ᠬᠠᠶᠠᠭ᠎ᠠ᠂ ᠴᠢᠭᠲᠠᠭ᠎ᠠ᠂ ᠣᠭᠣᠰᠣᠷ
ᠤᠳᠤᠮᠲᠤ ᠮᠣᠩᠭᠣᠯ ᠤ᠋ᠨ ᠭᠡᠷ
ᠤᠭᠰᠠᠷᠠᠬᠤ ᠳ᠋ᠤ᠌ ᠡᠢᠮᠦ ᠠᠮᠠᠷᠬᠠᠨ
ᠭᠠᠯᠵᠠᠭᠤ ᠳᠣᠭᠰᠢᠨ ᠰᠠᠯᠬᠢᠨ ᠳ᠋ᠤ᠌
ᠭᠠᠩᠬᠤᠬᠤ ᠦᠭᠡᠢ ᠪᠥᠬᠡ
ᠭᠠᠵᠠᠷ ᠬᠥᠳᠡᠯᠵᠦ ᠨᠤᠷᠠᠬᠤ ᠳ᠋ᠤ᠌
ᠠᠶᠤᠬᠤ ᠴᠤ᠌ ᠦᠭᠡᠢ ᠡᠩᠬᠡ
ᠤᠬᠠᠭᠠᠨᠲᠤ ᠮᠣᠩᠭᠣᠯ ᠤ᠋ᠨ ᠭᠡᠷ
ᠣᠷᠣᠰᠢᠬᠤ ᠳ᠋ᠤ᠌ ᠡᠢᠮᠦ ᠲᠠᠢᠪᠤᠩ
ᠬᠠᠯᠠᠭᠤᠨ ᠵᠤᠨ ᠤ᠋ ᠴᠠᠭ ᠲᠤ᠌
ᠰᠡᠷ ᠰᠡᠷ ᠰᠡᠷᠢᠭᠦᠬᠡᠨ
ᠬᠠᠬᠢᠷ ᠡᠪᠦᠯ ᠦ᠋ᠨ ᠬᠦᠢᠲᠡᠨ ᠳ᠋ᠦ᠍
ᠨᠢᠯ ᠨᠢᠯ ᠬᠠᠯᠠᠭᠤᠬᠠᠨ
ᠠᠭᠤᠤ ᠮᠣᠩᠭᠣᠯ ᠤ᠋ᠨ ᠭᠡᠷ
ᠠᠮᠢᠳᠤᠷᠠᠬᠤ ᠳ᠋ᠤ᠌ ᠡᠢᠮᠦ ᠠᠮᠤᠭᠤᠯᠠᠩ
ᠠᠭᠤᠤ ᠮᠣᠩᠭᠣᠯ ᠤ᠋ᠨ ᠭᠡᠷ
ᠠᠮᠢᠳᠤᠷᠠᠬᠤ ᠳ᠋ᠤ᠌ ᠡᠢᠮᠦ ᠠᠮᠤᠭᠤᠯᠠᠩ
