ᠰᠠᠯᠬᠢ ᠪᠠᠷ ᠭᠠᠩᠬᠤᠬᠤ ᠴᠠᠭᠠᠨ ᠡᠪᠡᠰᠦᠨ ᠳ᠋ᠦ᠍ ᠴᠦ᠍ ᠠᠮᠢ ᠨᠠᠰᠤ ᠮᠢᠨᠢ ᠪᠣᠢ - ᠸᠠᠴᠢᠷᠪᠠᠲᠤ ᠶ᠋ᠢᠨ ᠳᠠᠰᠢᠪᠠᠯᠪᠠᠷ Салхиар ганхах цагаан өвсөнд ч амь нас минь бий - Очирбатын Дашбалбар
ᠰᠠᠯᠬᠢ ᠪᠠᠷ ᠭᠠᠩᠬᠤᠬᠤ ᠴᠠᠭᠠᠨ ᠡᠪᠡᠰᠦᠨ ᠳ᠋ᠦ᠍ ᠴᠦ᠍ ᠠᠮᠢ ᠨᠠᠰᠤ ᠮᠢᠨᠢ ᠪᠣᠢ
ᠸᠠᠴᠢᠷᠪᠠᠲᠤ ᠶ᠋ᠢᠨ ᠳᠠᠰᠢᠪᠠᠯᠪᠠᠷ
ᠰᠠᠯᠬᠢ ᠪᠠᠷ ᠭᠠᠩᠬᠤᠬᠤ ᠴᠠᠭᠠᠨ ᠡᠪᠡᠰᠦᠨ ᠳ᠋ᠦ᠍ ᠴᠦ᠍ ᠠᠮᠢ ᠨᠠᠰᠤ ᠮᠢᠨᠢ ᠪᠣᠢ
ᠰᠠᠢᠬᠠᠨ ᠡᠬᠡ ᠣᠷᠣᠨ ᠮᠢᠨᠢ᠁
ᠰᠡᠳᠬᠢᠯ ᠢ᠋ᠶ᠋ᠡᠨ ᠠᠷᠢᠭᠤᠰᠬᠠᠵᠤ᠂ ᠮᠢᠬᠠᠨ ᠪᠣᠳᠢ ᠪᠠᠨ ᠡᠪᠡᠰᠦ ᠨᠣᠭᠣᠭᠠᠨ ᠤ᠋ ᠴᠢᠨᠢ
ᠰᠢᠷᠬᠡᠭ ᠪᠦᠬᠦᠨ ᠳ᠋ᠦ᠍ ᠥᠭᠭᠦᠶ᠎ᠡ !
ᠰᠠᠨᠠᠭ᠎ᠠ ᠪᠠᠷ ᠢ᠋ᠶ᠋ᠠᠨ ᠵᠢᠷᠭᠠᠵᠤ᠂ ᠭᠣᠣᠯ ᠤᠰᠤᠨ ᠤ᠋ ᠠᠷᠢᠭᠤᠨ ᠲᠤᠩᠭᠠᠯᠠᠭ ᠲᠤ᠌ ᠠᠭᠤᠰᠤᠶᠠ!
ᠮᠥᠩᠬᠡ ᠨᠠᠰᠤᠲᠤ ᠲᠩᠷᠢ ᠴᠢᠨᠢ ᠨᠠᠮᠠᠶ᠋ᠢ ᠰᠢᠷᠳᠡᠨ᠎ᠡ᠂
ᠡᠬᠡ ᠣᠷᠣᠨ ᠮᠢᠨᠢ!
ᠴᠡᠯ ᠪᠤᠭᠤᠷᠤᠯ ᠡᠭᠦᠯᠡᠰ ᠢ᠋ᠶ᠋ᠡᠷ ᠴᠢᠨᠢ ᠪᠢ ᠨᠢᠯᠪᠤᠰᠤ ᠪᠠᠨ ᠠᠷᠴᠢᠨ᠎ᠠ᠃
ᠮᠣᠩᠭᠣᠯ ᠨᠠᠷ ᠠᠯᠲᠠᠯᠢᠭ ᠥᠩᠭᠡ ᠪᠡᠷ ᠨᠢᠳᠦ ᠭᠢᠯᠪᠠᠭᠤᠯᠵᠤ
ᠮᠢᠨᠦ ᠭᠠᠩᠪᠠᠭᠠᠲᠤᠷ ᠬᠦᠦ ᠰᠢᠭ ᠢᠨᠢᠶᠡᠨ᠎ᠡ
ᠨᠠᠷᠠ ᠲᠤᠰᠬᠠᠭᠰᠠᠨ ᠰᠢᠷᠭᠠᠯᠬᠠᠨ ᠠᠭᠤᠯᠠᠰ ᠤ᠋ᠨ ᠴᠢᠨᠢ ᠬᠣᠷᠮᠣᠢ ᠳ᠋ᠤ᠌ ᠡᠷᠬᠡᠯᠡᠶᠡ᠂
ᠡᠬᠡ ᠣᠷᠣᠨ ᠮᠢᠨᠢ
ᠨᠠᠰᠤᠨ ᠪᠤᠶᠠᠨ ᠢ᠋ᠶ᠋ᠠᠨ ᠬᠠᠢᠷᠠᠯᠠ᠂
ᠣᠯᠣᠮ ᠮᠢᠨᠢ ᠢᠷᠠᠭᠤ ᠡᠭᠡᠰᠢᠭ ᠵᠢᠷᠦᠬᠡᠨ ᠳ᠋ᠦ᠍ ᠰᠢᠩᠭᠡᠭᠡᠵᠦ
ᠦᠳᠡᠰᠢ ᠶ᠋ᠢᠨ ᠠᠭᠠᠷ ᠲᠤ᠌ ᠪᠣᠯᠵᠣᠮᠣᠷ ᠵᠢᠷᠭᠢᠨ᠎ᠡ᠃
ᠶᠠᠩᠵᠢᠨᠯᠾᠮᠤ ᠲᠠᠢ ᠬᠠᠨᠢᠰᠠᠵᠤ ᠰᠡᠳᠬᠢᠯ ᠦ᠋ᠨ ᠳᠣᠲᠣᠷ᠎ᠠ
ᠠᠯᠲᠠᠨ ᠶᠠᠲᠤᠭ᠎ᠠ ᠡᠭᠡᠰᠢᠭᠯᠡᠨ᠎ᠡ᠃
ᠬᠣᠲᠠ ᠠᠢᠯ ᠤ᠋ᠨ ᠶᠠᠨᠲᠤᠩ ᠢ᠋ᠶ᠋ᠠᠷ ᠰᠤᠭᠤᠨᠠᠭᠯᠠᠬᠤ ᠤᠲᠤᠭ᠎ᠠ
ᠬᠣᠯᠠ ᠶ᠋ᠢᠨ ᠠᠭᠤᠯᠠᠰ ᠤ᠋ᠨ ᠪᠠᠯ ᠳ᠋ᠤ᠌ ᠴᠡᠩᠬᠡᠷ ᠬᠥᠰᠢᠭᠡ ᠲᠠᠲᠠᠵᠤ
ᠬᠣᠨᠢ ᠢᠮᠠᠭ᠎ᠠ ᠮᠠᠢᠯᠠᠯᠳᠤᠨ᠂ ᠦᠬᠡᠷ ᠮᠥᠭᠡᠷᠡᠬᠦ ᠳ᠋ᠦ᠍
ᠲᠤᠩᠭᠠᠯᠠᠭ ᠠᠭᠠᠷ ᠴᠠᠯᠭᠢᠨ᠎ᠠ᠃
ᠦᠨᠡᠬᠡᠷ ᠰᠡᠷᠭᠦᠯᠡᠩ ᠪᠠᠭᠠᠴᠤᠳ ᠤ᠋ᠨ ᠴᠣᠪᠣᠭᠣ ᠳᠠᠭᠤᠨ
ᠭᠣᠣᠯ ᠤ᠋ᠨ ᠤᠷᠤᠰᠬᠠᠯ ᠢ᠋ ᠬᠥᠭᠵᠢᠭᠡᠵᠦ᠂
ᠦᠯᠦ ᠮᠡᠳᠡᠭᠬᠡᠨ ᠰᠡᠪᠡᠯᠵᠡᠬᠦ ᠰᠡᠪᠰᠢᠶᠡᠨ ᠳ᠋ᠦ᠍
ᠨᠠᠷᠠᠰᠤᠨ ᠤ᠋ ᠣᠷᠣᠢ ᠰᠣᠷᠲᠣᠯᠵᠠᠨᠠ᠃
ᠡᠪᠡᠰᠦ ᠨᠣᠭᠣᠭᠠᠨ ᠤ᠋ ᠦᠨᠦᠷ ᠲᠡᠢ
ᠮᠢᠨᠦ ᠰᠠᠯᠬᠢᠨ ᠰᠡᠳᠬᠢᠯ
ᠦᠳᠡᠰᠢ ᠶ᠋ᠢᠨ ᠲᠣᠷᠭᠠᠮᠰᠤᠨ ᠠᠭᠠᠷ ᠲᠤ᠌ ᠠᠭᠤᠰᠤᠨᠠᠮ᠁
ᠦᠯᠢᠭᠡᠷ ᠢ᠋ ᠪᠢ ᠮᠡᠳᠡᠨ᠎ᠡ!
