ᠶᠤᠸᠠᠨ ᠤ᠋ ᠰᠡᠭᠦᠯᠴᠢ ᠶ᠋ᠢᠨ ᠨᠡᠢᠭᠡᠮ ᠦ᠋ᠨ ᠶᠡᠬᠡ ᠬᠤᠪᠢᠷᠠᠯᠲᠠЮаны сүүлчийн нийгмийн их хувиралт
ᠶᠤᠸᠠᠨ ᠤ᠋ ᠰᠡᠭᠦᠯᠴᠢ ᠶ᠋ᠢᠨ ᠨᠡᠢᠭᠡᠮ ᠦ᠋ᠨ ᠶᠡᠬᠡ ᠬᠤᠪᠢᠷᠠᠯᠲᠠ
14 ᠳ᠋ᠦ᠍ᠭᠡᠷ ᠵᠠᠭᠤᠨ ᠤ᠋ ᠳᠤᠮᠳᠠ ᠦᠶ᠎ᠡ ᠳ᠋ᠦ᠍ ᠶᠤᠸᠠᠨ ᠤᠯᠤᠰ ᠤ᠋ᠨ ᠭᠠᠵᠠᠷ ᠨᠤᠲᠤᠭ ᠲᠤ᠌ ᠳᠠᠷᠠᠭᠠᠯᠠᠭᠰᠠᠨ ᠣᠯᠠᠨ ᠤᠰᠤᠨ ᠤ᠋ ᠦᠶᠡᠷ ᠪᠣᠯᠤᠭᠰᠠᠨ ᠤ᠋ ᠤᠯᠠᠮ ᠡᠴᠡ 1351 ᠣᠨ ᠳ᠋ᠤ᠌ ᠰᠢᠷ᠎ᠠ ᠮᠥᠷᠡᠨ ᠦ᠌ ᠳᠠᠯᠠᠨ ᠵᠠᠳᠠᠷᠠᠭᠰᠠᠨ ᠠᠵᠤ᠃ ᠲᠤᠬᠠᠢ ᠶ᠋ᠢᠨ ᠦᠶ᠎ᠡ ᠳ᠋ᠦ᠍ ᠶᠤᠸᠠᠨ ᠭᠦᠷᠦᠨ ᠢ᠋ ᠲᠣᠭᠣᠭᠠᠨᠲᠡᠮᠦᠷ ᠬᠠᠭᠠᠨ ᠤᠳᠤᠷᠢᠳᠴᠤ ᠪᠠᠢᠭᠰᠠᠨ ᠪᠥᠭᠡᠳ ᠲᠡᠷᠡᠪᠡᠷ ᠡᠮᠦᠨ᠎ᠡ ᠵᠦᠭ ᠲᠦ᠍ ᠰᠢᠨᠢᠳᠤᠨ ᠤ᠋ ᠬᠠᠭᠠᠰ ᠠᠷᠠᠯ ᠳ᠋ᠤ᠌ ᠰᠢᠨ᠎ᠡ ᠪᠡᠷ ᠰᠤᠪᠠᠭ ᠪᠠᠷᠢᠭᠤᠯᠤᠭᠰᠠᠨ ᠪᠠᠢᠨ᠎ᠠ᠃ ᠶᠠᠭ ᠡᠨᠡ ᠦᠶᠡᠰ ᠡᠬᠢᠯᠡᠨ ᠬᠢᠲᠠᠳ ᠤ᠋ᠳ ᠠᠩᠬ᠎ᠠ ᠤᠳᠠᠭ᠎ᠠ ᠪᠣᠰᠤᠯᠭ᠎ᠠ ᠵᠣᠬᠢᠶᠠᠨ ᠪᠠᠢᠭᠤᠯᠵᠤ ᠡᠬᠢᠯᠡᠵᠡᠢ᠃ ᠡᠭᠦᠨ ᠦ᠌ ᠳᠠᠷᠠᠭ᠎ᠠ ᠬᠡᠳᠦ ᠬᠡᠳᠦᠨ ᠲᠣᠮᠣᠬᠠᠨ ᠪᠣᠰᠤᠯᠭ᠎ᠠ ᠬᠥᠳᠡᠯᠭᠡᠭᠡᠨ ᠭᠠᠷᠴᠤ ᠡᠬᠢᠯᠡᠭᠰᠡᠨ ᠡᠴᠡ ᠬᠢᠲᠠᠳ ᠤ᠋ᠳ ᠤ᠋ᠨ ᠬᠤᠪᠢ ᠳ᠋ᠤ᠌ ᠬᠠᠮᠤᠭ ᠤ᠋ᠨ ᠴᠢᠬᠤᠯᠠ ᠪᠣᠰᠤᠯᠭ᠎ᠠ ᠶ᠋ᠢᠨ ᠪᠦᠯᠦᠭ ᠨᠢ ᠤᠯᠠᠭᠠᠨ ᠠᠯᠴᠢᠭᠤᠷᠲᠠᠨ ᠤ᠋ ᠪᠣᠰᠤᠯᠭ᠎ᠠ ᠪᠠᠢᠭᠰᠠᠨ ᠶᠤᠮ᠃ ᠲᠤᠰ ᠪᠣᠰᠤᠯᠭ᠎ᠠ ᠨᠢ ᠣᠳᠣ ᠶ᠋ᠢᠨ ᠠᠨᠾᠦ᠋ᠢ᠂ ᠵᠢᠶᠠᠩᠰᠦ᠂ ᠵᠧᠵᠢᠶᠠᠩ᠂ ᠭᠤᠸᠠᠩᠳᠦ᠋ᠩ᠂ ᠱᠠᠨ ᠳ᠋ᠦᠩ ᠵᠡᠷᠭᠡ ᠮᠣᠵᠢ ᠶ᠋ᠢ ᠬᠠᠮᠤᠷᠤᠭᠰᠠᠨ᠃ ᠠᠩᠬ᠎ᠠ ᠬᠠᠨ ᠱᠠᠨ ᠳ᠋ᠦᠩ᠂ ᠯᠢᠶᠣᠣ ᠹᠦ ᠲᠦᠩ ᠨᠠᠷ ᠲᠤᠰ ᠪᠣᠰᠤᠯᠭ᠎ᠠ ᠶ᠋ᠢ ᠥᠳᠥᠭᠡᠭᠰᠡᠨ᠃ ᠶᠠᠪᠤᠭᠠᠨ ᠳ᠋ᠠᠭᠠᠨ ᠬᠦᠴᠦ ᠨᠢ ᠨᠡᠮᠡᠭᠳᠡᠭᠰᠡᠭᠡᠷ 1368 ᠣᠨ ᠳ᠋ᠤ᠌ ᠶᠤᠸᠠᠨ ᠤᠯᠤᠰ ᠢ᠋ ᠮᠥᠬᠥᠭᠡᠬᠦ ᠳ᠋ᠦ᠍ ᠭᠣᠣᠯ ᠨᠥᠯᠥᠭᠡ ᠦᠵᠡᠭᠦᠯᠦᠭᠰᠡᠨ᠃
ᠶᠤᠸᠠᠨ ᠤᠯᠤᠰ ᠤ᠋ᠨ ᠰᠡᠭᠦᠯ ᠦ᠋ᠨ ᠬᠠᠭᠠᠨ ᠲᠣᠭᠣᠭᠠᠨᠲᠡᠮᠦᠷ ᠦ᠋ᠨ ᠦᠶ᠎ᠡ ᠳ᠋ᠦ᠍ ᠪᠣᠰᠤᠯᠭ᠎ᠠ ᠬᠥᠳᠡᠯᠭᠡᠭᠡᠨ ᠵᠢᠯ ᠠᠯᠭᠠᠰᠠᠯ ᠦᠭᠡᠢ ᠭᠠᠷᠴᠤ᠂ ᠶᠡᠬᠡᠰ ᠨᠣᠶᠠᠳ ᠤ᠋ᠨ ᠵᠥᠷᠢᠴᠡᠯ ᠳᠡᠭᠡᠳᠦ ᠴᠠᠭ ᠲᠤ᠌ ᠪᠠᠨ ᠲᠤᠯᠵᠤ᠂ ᠤᠯᠤᠰ ᠣᠷᠣᠨ ᠰᠠᠮᠠᠭᠤᠷᠴᠤ ᠪᠠᠢᠭᠰᠠᠭᠠᠷ 1368 ᠣᠨ ᠳ᠋ᠤ᠌ ᠶᠤᠸᠠᠨ ᠤᠯᠤᠰ ᠮᠥᠬᠥᠵᠦ᠂ ᠮᠣᠩᠭᠣᠯᠴᠤᠳ ᠤ᠋ᠨ ᠡᠵᠡᠩᠨᠡᠯ ᠲᠡᠭᠦᠰᠬᠡᠯ ᠪᠣᠯᠵᠠᠢ᠃
ᠡᠳᠡᠭᠡᠷ ᠡᠴᠡ ᠭᠠᠳᠠᠨ᠎ᠠ ᠶᠤᠸᠠᠨ ᠤᠯᠤᠰ ᠢ᠋ ᠮᠥᠬᠥᠯ ᠳ᠋ᠦ᠍ ᠬᠦᠷᠭᠡᠭᠰᠡᠨ ᠥᠭᠡᠷ᠎ᠡ ᠰᠢᠯᠲᠠᠭᠠᠨ ᠨᠤᠭᠤᠳ ᠴᠤ᠌ ᠪᠠᠰᠠ ᠪᠣᠢ᠃ ᠡᠭᠦᠨ ᠳ᠋ᠦ᠍ ᠳᠡᠯᠡᠬᠡᠢ ᠶ᠋ᠢ ᠡᠵᠡᠩᠨᠡᠭᠰᠡᠨ ᠲᠣᠮᠣ ᠭᠦᠷᠦᠨ ᠢ᠋ ᠤᠳᠤᠷᠢᠳᠤᠨ ᠵᠠᠬᠢᠷᠴᠤ ᠠᠪᠴᠤ ᠶᠠᠪᠤᠬᠤ ᠴᠢᠳᠠᠪᠤᠷᠢ ᠲᠠᠢ ᠬᠠᠭᠠᠨ ᠪᠠᠢᠭ᠎ᠠ ᠦᠭᠡᠢ ᠨᠢ ᠬᠠᠮᠤᠭ ᠤ᠋ᠨ ᠭᠣᠣᠯ ᠬᠦᠴᠦᠨ ᠵᠦᠢᠯ ᠪᠠᠢᠪᠠ᠃ ᠥᠭᠡᠷ᠎ᠡ ᠨᠢᠭᠡ ᠰᠢᠯᠲᠠᠭᠠᠨ ᠨᠢ 14 ᠳ᠋ᠦ᠍ᠭᠡᠷ ᠵᠠᠭᠤᠨ ᠤ᠋ ᠬᠣᠶᠠᠳᠠᠬᠢ ᠬᠠᠭᠠᠰ ᠲᠤ᠌ ᠭᠠᠷᠤᠭᠰᠠᠨ ᠲᠠᠬᠤᠯ ᠡᠴᠡ ᠰᠢᠯᠲᠠᠭᠠᠯᠠᠨ ᠠᠯᠤᠰ ᠬᠣᠯᠠ ᠳ᠋ᠤ᠌ ᠬᠢᠵᠦ ᠪᠠᠢᠭᠰᠠᠨ ᠬᠤᠳᠠᠯᠳᠤᠭᠠᠨ ᠤ᠋ ᠰᠢᠰᠲ᠋ᠧᠮ ᠳ᠋ᠦ᠍ ᠮᠠᠭᠤ ᠪᠠᠷ ᠨᠥᠯᠥᠭᠡᠯᠡᠭᠰᠡᠨ ᠪᠠᠢᠨ᠎ᠠ᠃ ᠬᠢᠲᠠᠳ ᠭᠦᠷᠦᠨ ᠢ᠋ ᠡᠵᠡᠯᠡᠵᠦ ᠪᠠᠢᠭ᠎ᠠ ᠳ᠋ᠤ᠌ ᠬᠥᠭᠡᠭᠡᠭᠳᠡᠭᠰᠡᠨ ᠪᠤᠰᠤᠳ ᠦᠨᠳᠦᠰᠦᠲᠡᠨ ᠲᠡᠢ ᠬᠠᠷᠢᠴᠠᠭᠤᠯᠪᠠᠯ ᠮᠣᠩᠭᠣᠯᠴᠤᠳ ᠬᠡᠳᠦᠢᠪᠡᠷ ᠬᠢᠲᠠᠳ ᠲᠤ᠌ ᠬᠠᠭᠠᠨᠴᠢᠯᠠᠯ ᠢ᠋ᠶ᠋ᠡᠨ ᠠᠯᠳᠠᠭᠰᠠᠨ ᠴᠤ᠌ ᠶᠤᠸᠠᠨ ᠤᠯᠤᠰ ᠤ᠋ᠨ ᠳᠠᠷᠠᠭ᠎ᠠ ᠪᠣᠢ ᠪᠣᠯᠤᠭᠰᠠᠨ ᠮᠢᠩ ᠤᠯᠤᠰ ᠤ᠋ᠨ ᠬᠣᠢᠲᠤ ᠬᠡᠰᠡᠭ ᠲᠦ᠍ ᠦᠵᠡᠭᠦᠯᠬᠦ ᠨᠥᠯᠥᠭᠡ ᠨᠢ ᠬᠦᠴᠦᠷᠬᠡᠭ ᠬᠡᠪ ᠢ᠋ᠶ᠋ᠡᠷ ᠪᠠᠢᠭᠰᠠᠨ ᠶᠤᠮ᠃ ᠶᠤᠸᠠᠨ ᠤᠯᠤᠰ ᠤ᠋ᠨ ᠦᠶ᠎ᠡ ᠳ᠋ᠦ᠍ ᠡᠬᠢᠯᠡᠭᠰᠡᠨ ᠤᠯᠤᠰ ᠤ᠋ᠨ ᠨᠢᠭᠡᠳᠦᠭᠰᠡᠨ ᠪᠣᠳᠣᠯᠭ᠎ᠠ ᠪᠣᠯᠤᠭᠠᠳ ᠵᠠᠰᠠᠭ ᠵᠠᠬᠢᠷᠭᠠᠨ ᠤ᠋ ᠰᠠᠨᠠᠭᠠᠴᠢᠯᠭ᠎ᠠ ᠨᠤᠭᠤᠳ ᠢ᠋ ᠮᠢᠩ ᠤᠯᠤᠰ ᠲᠡᠷᠡ ᠬᠡᠪ ᠢ᠋ᠶ᠋ᠡᠷ ᠨᠢ ᠦᠷᠭᠦᠯᠵᠢᠯᠡᠭᠦᠯᠦᠨ ᠬᠡᠷᠡᠭᠯᠡᠭᠰᠡᠨ ᠪᠠᠢᠨ᠎ᠠ᠃

