ᠮᠣᠩᠭᠣᠯ ᠪᠥᠬᠡ ᠶ᠋ᠢᠨ ᠳᠠᠭᠤᠯᠠᠯ-ᠮᠠᠨᠳᠤᠬᠤ ᠪᠠᠭᠰᠢ ᠶ᠋ᠢᠨ ᠤᠷᠠᠨ ᠪᠢᠴᠢᠯᠭᠡМонгол Бөхийн дуулал
ᠮᠣᠩᠭᠣᠯ ᠪᠥᠬᠡ ᠶ᠋ᠢᠨ ᠳᠠᠭᠤᠯᠠᠯ
ᠦᠭᠡ᠄ ᠱ• ᠭᠦᠷᠦᠪᠠᠽᠠᠷ
ᠠᠶ᠎ᠠ᠄ ᠳ• ᠠᠮᠤᠭᠤᠯᠠᠩ᠂ ᠡ᠊ · ᠡᠷᠡᠪᠣᠯᠣᠳ
ᠳᠠᠭᠤᠴᠢᠨ᠄ ᠡᠩᠬᠡᠴᠡᠴᠡᠭ
ᠢᠳᠡᠷ ᠵᠢᠪᠬᠤᠭ᠎ᠠ ᠴᠣᠯᠠ ᠲᠠᠢ ᠨᠢ ᠬᠠᠮᠲᠤ ᠳᠠᠭᠤᠷᠢᠰᠤᠭᠰᠠᠨ
ᠡᠢᠮᠦ ᠯᠡ ᠰᠠᠢᠬᠠᠨ ᠨᠠᠭᠠᠳᠤᠮ ᠳᠣᠯᠣᠭᠠᠨ ᠰᠠᠷ᠎ᠠ ᠪᠢᠯᠡ
ᠢᠯᠡᠭᠦᠦ ᠲᠩᠷᠢ ᠲᠡᠢ ᠨᠢ ᠵᠢᠰᠦ ᠳᠠᠪᠠᠵᠤ ᠲᠡᠷᠢᠭᠦᠯᠡᠭᠰᠡᠨ
ᠡᠩᠬᠡ ᠲᠥᠷᠥ ᠶ᠋ᠢᠨ ᠨᠠᠭᠠᠳᠤᠮ ᠮᠣᠩᠭᠣᠯ ᠤ᠋ᠨ ᠰᠦᠷ ᠮᠢᠨᠢ ᠠ᠋ ᠃
ᠴᠡᠴᠡᠭ ᠲᠣᠭᠣᠷᠢᠵᠤ ᠳᠡᠪᠢᠭᠰᠡᠨ ᠴᠡᠩᠭᠡᠯ ᠪᠠᠷᠠᠳᠠᠨ ᠨᠤᠭᠤᠳ ᠮᠢᠨᠢ
ᠴᠡᠩᠬᠡᠷ ᠮᠣᠩᠭᠣᠯ ᠤ᠋ᠨ ᠭᠠᠵᠠᠷ ᠤ᠋ᠨ ᠳᠣᠮᠣᠭ ᠤ᠋ᠳ ᠮᠢᠨᠢ
ᠨᠠᠴᠢᠨ ᠬᠠᠷᠴᠠᠭᠠᠢ ᠭᠠᠷᠤᠳᠢ ᠶ᠋ᠢᠨ ᠨᠠᠷᠠᠨ ᠲᠠᠪᠢᠯᠲᠠ ᠲᠠᠢ
ᠠᠷᠰᠯᠠᠨ ᠵᠠᠭᠠᠨ ᠠᠪᠤᠷᠭᠤ ᠶ᠋ᠢᠨ ᠠᠤᠭ᠎ᠠ ᠬᠦᠴᠦ ᠲᠡᠢ ᠃
ᠬᠤᠷᠤᠢ ᠬᠤᠷᠤᠢ ᠮᠣᠩᠭᠣᠯ ᠡᠷᠡᠴᠦᠳ ᠮᠢᠨᠢ
ᠤᠤᠬᠠᠢ ᠣᠬᠠᠢ ᠮᠣᠩᠭᠣᠯ ᠪᠥᠬᠡᠴᠦᠳ ᠮᠢᠨᠢ ᠃
ᠨᠠᠴᠢᠨ ᠬᠠᠷᠴᠠᠭᠠᠢ ᠭᠠᠷᠤᠳᠢ ᠶ᠋ᠢᠨ ᠨᠠᠷᠠᠨ ᠲᠠᠪᠢᠯᠲᠠ ᠲᠠᠢ
ᠠᠷᠰᠯᠠᠨ ᠵᠠᠭᠠᠨ ᠠᠪᠤᠷᠭᠤ ᠶ᠋ᠢᠨ ᠠᠤᠭ᠎ᠠ ᠬᠦᠴᠦ ᠲᠡᠢ
ᠬᠤᠷᠤᠢ ᠬᠤᠷᠤᠢ ᠮᠣᠩᠭᠣᠯ ᠡᠷᠡᠴᠦᠳ ᠮᠢᠨᠢ
ᠤᠤᠬᠠᠢ ᠣᠬᠠᠢ ᠮᠣᠩᠭᠣᠯ ᠪᠥᠬᠡᠴᠦᠳ ᠮᠢᠨᠢ
ᠤᠤᠬᠠᠢ ᠣᠬᠠᠢ ᠮᠣᠩᠭᠣᠯ ᠪᠥᠬᠡᠴᠦᠳ ᠮᠢᠨᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
