ᠦᠬᠡᠷ ᠰᠢᠯᠦᠬᠡᠢҮхэр шүлхийÜkher shülkhii
ᠦᠬᠡᠷ ᠰᠢᠯᠦᠬᠡᠢ
ᠲᠤᠰ ᠡᠮ ᠪᠣᠯ ᠤᠳᠠᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠦᠬᠡᠷ ᠰᠢᠯᠦᠬᠡᠢ ᠶ᠋ᠢᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠬᠠᠷ᠎ᠠ ᠰᠠᠩᠽᠢ ᠭᠡᠳᠡᠭ᠃
[ ᠤᠤᠯ ᠤᠷᠭᠤᠮᠠᠯ] ᠨᠢᠭᠡ ᠪᠤᠶᠤ ᠬᠣᠶᠠᠷ ᠨᠠᠰᠤᠲᠤ ᠡᠪᠡᠰᠦᠯᠢᠭ ᠤᠷᠭᠤᠮᠠᠯ᠃15~50cm ᠥᠨᠳᠥᠷ᠂ ᠡᠰᠢ ᠨᠢ ᠤᠭ ᠠ᠋ᠴᠠ ᠪᠠᠨ ᠰᠠᠯᠠᠭᠠᠯᠠᠨ᠎ᠠ᠂ ᠴᠠᠭᠠᠨ ᠥᠩᠭᠡ ᠲᠡᠢ ᠲᠣᠷᠭᠠᠨ ᠦᠰᠦ ᠲᠡᠢ᠃ ᠡᠰᠢᠨ ᠳ᠋ᠡᠬᠢ ᠨᠠᠪᠴᠢ ᠨᠢ ᠪᠠᠷᠢᠭᠤᠯ ᠦᠭᠡᠢ᠂ᠲᠡᠭᠰᠢ ᠲᠣᠭᠣᠷᠢᠬᠯᠢᠭ᠋ ᠵᠤᠤᠪᠠᠩ ᠬᠡᠯᠪᠡᠷᠢ ᠲᠡᠢ᠂1.5~3cm ᠤᠷᠲᠤ᠂0.5~1cm ᠥᠷᠭᠡᠨ᠂ ᠨᠢᠭᠡ ᠡᠴᠡ ᠬᠣᠶᠠᠷᠳᠠᠭᠰᠠᠨ ᠰᠠᠮ ᠰᠢᠬ ᠥᠳᠥᠯᠢᠭ ᠭᠦᠢᠴᠡᠳ ᠣᠨᠢ ᠲᠠᠢ᠂ ᠵᠢᠵᠢᠭ ᠰᠡᠵᠢᠭᠦᠷ ᠢᠯᠲᠠᠰᠤ ᠨᠢ ᠰᠤᠷ ᠰᠢᠭ᠋᠂ ᠦᠰᠦ ᠦᠭᠡᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠥᠨᠳᠡᠭᠡᠯᠵᠢᠨ᠂3~4mm ᠤᠷᠲᠤ᠂ ᠳ᠋ᠢᠶᠠᠮᠧᠲ᠋ᠷ ᠨᠢ2.5~3mm᠂ ᠣᠯᠠᠨ ᠡᠰᠢ ᠰᠠᠯᠠᠭ᠎ᠠ ᠶ᠋ᠢᠨ ᠣᠷᠣᠢ ᠳ᠋ᠠᠬᠢ ᠨᠠᠪᠴᠢᠨ ᠤ᠋ ᠥᠪᠥᠷ ᠲᠦ᠍ ᠭᠠᠭᠴᠠᠭᠠᠷ ᠳᠡᠯᠭᠡᠷᠡᠵᠦ᠂ ᠢᠬᠴᠤ ᠪᠠᠭᠯᠠᠷᠠᠵᠤ ᠤᠷᠭᠤᠨ᠎ᠠ᠃ ᠶᠡᠷᠦᠩᠬᠡᠢ ᠪᠠᠭᠯᠠᠭᠴᠢ ᠢᠯᠲᠠᠰᠤ ᠨᠢ3~4 ᠳᠠᠪᠬᠤᠷ᠂ ᠵᠣᠣᠪᠠᠩᠯᠢᠭ ᠥᠨᠳᠡᠭᠡᠯᠵᠢᠨ᠂ ᠬᠠᠯᠢᠰᠤᠯᠢᠭ ᠬᠥᠪᠡᠭᠡ ᠲᠡᠢ᠂ ᠠᠷᠤ ᠳ᠋ᠤᠨᠢ ᠦᠰᠦ ᠦᠭᠡᠢ᠃ ᠬᠥᠪᠡᠭᠡ ᠳ᠋ᠡᠬᠢ ᠴᠡᠴᠡᠭ ᠨᠢ ᠡᠮ᠎ᠡ ᠪᠡᠯᠭᠡ ᠲᠡᠢ᠂ ᠳᠤᠮᠳᠠᠬᠢ ᠴᠡᠴᠡᠭ ᠨᠢ ᠬᠣᠣᠰ ᠪᠡᠯᠭᠡ ᠲᠡᠢ᠂ ᠴᠡᠴᠡᠭ ᠦ᠋ᠨ ᠲᠠᠪᠠᠭ ᠤ᠋ᠨ ᠬᠥᠪᠡᠭᠡ ᠪᠡᠷ ᠪᠠᠢᠬᠤ ᠨᠢ ᠦᠷᠡᠯᠡᠵᠦ᠂ ᠳᠤᠮᠳᠠᠬᠢ ᠨᠢ ᠦᠷᠡᠯᠡᠬᠦ ᠦᠭᠡᠢ᠃ ᠲᠤᠷᠠᠩᠬᠠᠢ ᠵᠢᠮᠢᠰ ᠨᠢ ᠵᠤᠤᠪᠠᠩ ᠬᠡᠯᠪᠡᠷᠢ ᠲᠡᠢ᠂1.5~2mm ᠤᠷᠲᠤ᠂ ᠬᠠᠷ᠎ᠠ ᠥᠩᠭᠡ ᠲᠡᠢ᠃7~8 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠴᠦᠯ ᠮᠠᠩᠬᠠᠨ ᠤ᠋ ᠬᠡᠭᠡᠷ᠎ᠡ ᠲᠠᠯ᠎ᠠ᠂ ᠭᠣᠣ ᠰᠤᠵᠠᠭ ᠤ᠋ᠨ ᠬᠠᠢᠷ ᠴᠢᠯᠠᠭᠤ ᠲᠠᠢ ᠭᠠᠵᠠᠷ᠂ ᠭᠠᠩ ᠬᠠᠭᠤᠷᠠᠢ ᠡᠯᠡᠰᠦᠷᠬᠡᠭ ᠭᠠᠵᠠᠷ ᠲᠤ᠌ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠬᠠᠳᠤᠵᠤ ᠠᠪᠤᠭᠠᠳ᠂ ᠬᠣᠯᠢᠮᠠᠭ ᠵᠦᠢᠯ ᠢ᠋ ᠨᠢ ᠠᠷᠢᠯᠭᠠᠵᠤ ᠬᠠᠶᠠᠭᠠᠳ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠥᠴᠦᠬᠡᠨ ᠭᠠᠰᠢᠭᠤᠨ᠂ ᠭᠣᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠰᠢᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠰᠢᠷ᠎ᠠ ᠶ᠋ᠢ ᠳᠠᠷᠤᠬᠤ᠂ ᠬᠣᠣᠷ ᠢ᠋ ᠲᠠᠢᠯᠬᠤ᠂ ᠬᠣᠷᠣᠬᠠᠢ ᠶ᠋ᠢ ᠨᠢᠲᠤᠯᠬᠤ ᠴᠢᠳᠠᠯ ᠲᠠᠢ᠃ ᠭᠣᠣᠯᠳᠠᠭᠤ ᠰᠢᠷ᠎ᠠ ᠪᠠᠷ ᠲᠣᠯᠣᠭᠠᠢ ᠡᠪᠡᠳᠬᠦ᠂ ᠨᠢᠳᠦ ᠪᠡᠶ᠎ᠡ ᠰᠢᠷᠠᠯᠠᠬᠤ᠂ ᠰᠢᠷ᠎ᠠ ᠪᠠᠷ ᠪᠥᠭᠡᠯᠵᠢᠵᠦ ᠰᠠᠭᠤᠯᠭᠠᠬᠤ᠂ ᠡᠯᠢᠭᠡ ᠰᠥᠰᠥᠨ ᠦ᠌ ᠬᠠᠯᠠᠭᠤᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 篦齿蒿 (栉叶蒿)
ᠠᠩᠭ᠌ᠯᠢ ᠨᠡᠷ᠎ᠡ᠄Artemisia pecrinata Pall.
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠣᠶᠤᠨᠴᠢᠮᠡᠭ
