ᠮᠢᠨᠦ ᠨᠤᠲᠤᠭ ᠤ᠋ᠨ ᠪᠠᠷ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡМиний нутгийн бараа
ᠮᠢᠨᠦ ᠨᠤᠲᠤᠭ ᠤ᠋ᠨ ᠪᠠᠷ᠎ᠠ
ᠦᠭᠡ᠄ ᠱ᠂ ᠰᠦᠷᠦᠩᠵᠡᠪ
ᠠᠶ᠎ᠠ᠄ ᠳ᠂ ᠪᠠᠲᠤᠲᠡᠮᠦᠷ
ᠡ᠊• ᠦᠯᠵᠡᠶ᠋ᠢᠪᠠᠭᠠᠲᠤᠷ ᠳᠠᠭᠤᠯᠠᠨ᠎ᠠ
ᠭᠠᠵᠠᠷ ᠤ᠋ᠨ ᠬᠣᠯᠠ ᠠ᠋ᠴᠠ ᠴᠠᠢᠪᠠᠯᠵᠠᠭᠰᠠᠨ
ᠭᠠᠩᠭᠠᠩ ᠴᠠᠭᠠᠨ ᠭᠡᠷ ᠦ᠋ᠳ ᠪᠠᠢᠨ᠎ᠠ
ᠭᠠᠭᠴᠠᠬᠠᠨ ᠨᠠᠰᠤᠨ ᠳ᠋ᠤ᠌ ᠵᠠᠶᠠᠭᠠᠭᠰᠠᠨ
ᠮᠢᠨᠦ ᠨᠤᠲᠤᠭ ᠤ᠋ᠨ ᠪᠠᠷ᠎ᠠ ᠶᠣ᠌ ᠳᠠ ᠬᠦ
ᠰᠦᠷᠦᠭ ᠦ᠋ᠨ ᠪᠡᠯᠴᠢᠭᠡᠷ ᠴᠢᠮᠡᠭᠯᠡᠭᠰᠡᠨ
ᠰᠦᠢᠬᠡᠨ ᠴᠠᠭᠠᠨ ᠭᠡᠷ ᠦ᠋ᠳ ᠪᠠᠢᠨ᠎ᠠ
ᠰᠦ ᠪᠡᠨ ᠡᠷᠭᠦᠭᠡᠳ ᠬᠣᠴᠣᠷᠤᠭᠰᠠᠨ
ᠮᠢᠨᠦ ᠡᠵᠢ ᠶ᠋ᠢᠨ ᠥᠷᠭᠥᠭᠡ ᠶᠣ᠌ ᠳᠠ ᠬᠦ
ᠬᠣᠭᠣᠯᠠᠢ ᠶ᠋ᠢᠨ ᠴᠡᠭᠡᠯ ᠢ᠋ ᠪᠠᠬᠠᠳᠤᠭᠤᠯᠤᠭᠰᠠᠨ
ᠬᠣᠩᠭᠣᠷ ᠪᠦᠰᠡᠭᠦᠢ ᠶ᠋ᠢᠨ ᠳᠠᠭᠤᠯᠠᠯ ᠪᠠᠢᠨ᠎ᠠ
ᠬᠣᠯᠠ ᠶ᠋ᠢᠨ ᠬᠣᠯᠠ ᠠ᠋ᠴᠠ ᠰᠠᠨᠠᠭᠳᠠᠭᠰᠠᠨ
ᠮᠢᠨᠦ ᠠᠮᠠᠷᠠᠭ ᠤ᠋ᠨ ᠪᠠᠷ᠎ᠠ ᠶᠤ᠌ ᠳᠠ ᠬᠦ
ᠥᠨᠳᠥᠷ ᠲᠩᠷᠢ ᠶ᠋ᠢ ᠮᠥᠷᠥᠯᠡᠭᠰᠡᠨ
ᠡᠭᠦᠯᠡᠨ ᠴᠡᠩᠬᠡᠷ ᠠᠭᠤᠯᠠᠰ ᠪᠠᠢᠨ᠎ᠠ
ᠦᠷᠭᠦᠯᠵᠢ ᠨᠠᠳᠠ ᠳ᠋ᠤ᠌ ᠵᠡᠭᠦᠳᠦᠯᠡᠭᠳᠡᠭᠰᠡᠨ
ᠮᠢᠨᠦ ᠨᠤᠲᠤᠭ ᠤ᠋ᠨ ᠪᠠᠷ᠎ᠠ ᠶᠤ᠌ ᠳᠠ ᠬᠦ
ᠭᠠᠭᠴᠠᠬᠠᠨ ᠨᠠᠰᠤᠨ ᠳ᠋ᠤ᠌ ᠵᠠᠶᠠᠭᠠᠭᠰᠠᠨ
ᠮᠢᠨᠦ ᠨᠤᠲᠤᠭ ᠤ᠋ᠨ ᠪᠠᠷ᠎ᠠ ᠶᠤ᠌ ᠳᠠ ᠬᠦ
ᠦᠰᠦᠭ ᠠᠮᠢᠯᠠᠭᠤᠯᠤᠭᠴᠢ᠄ ᠠᠮᠤᠷᠪᠠᠶᠠᠷ
ᠬᠢᠨᠠᠭᠴᠢ᠄ ᠤᠤᠭᠠᠨᠵᠢᠳ
