ᠭᠠᠯ ᠰᠢᠷ᠎ᠠ ᠶ᠋ᠢᠨ ᠮᠠᠭᠲᠠᠭᠠᠯ-ᠮᠠᠨᠳᠤᠬᠤ ᠪᠠᠭᠰᠢ ᠶ᠋ᠢᠨ ᠤᠷᠠᠨ ᠪᠢᠴᠢᠯᠭᠡГал шарын магтаал ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯ ᠰᠢᠷ᠎ᠠ ᠶ᠋ᠢᠨ ᠮᠠᠭᠲᠠᠭᠠᠯ-ᠮᠠᠨᠳᠤᠬᠤ ᠪᠠᠭᠰᠢ ᠶ᠋ᠢᠨ ᠤᠷᠠᠨ ᠪᠢᠴᠢᠯᠭᠡГал шарын магтаал

ᠭᠠᠯ ᠰᠢᠷ᠎ᠠ ᠶ᠋ᠢᠨ ᠮᠠᠭᠲᠠᠭᠠᠯ-ᠮᠠᠨᠳᠤᠬᠤ ᠪᠠᠭᠰᠢ ᠶ᠋ᠢᠨ ᠤᠷᠠᠨ ᠪᠢᠴᠢᠯᠭᠡГал шарын магтаал

ᠠᠩᠭᠢᠯᠠᠯ:ᠤᠷᠠᠨ ᠪᠢᠴᠢᠯᠭᠡ
2025-06-20

248

ᠭᠠᠯ ᠰᠢᠷ᠎ᠠ ᠶ᠋ᠢᠨ ᠮᠠᠭᠲᠠᠭᠠᠯ


ᠵᠧ ᠨᠣᠮᠢᠨ ᠴᠡᠩᠬᠡᠷ ᠽᠠᠨᠳᠠᠨ ᠬᠦᠷᠡᠩ ᠦ᠋ᠨ ᠤᠳᠤᠮ ᠲᠠᠢ  
ᠨᠣᠷᠪᠤ ᠬᠦᠷᠡᠩ ᠬᠣᠩᠭᠣᠷ ᠵᠡᠭᠡᠷᠳᠡ ᠶ᠋ᠢᠨ ᠤᠭᠰᠢᠯ ᠲᠠᠢ  
ᠡᠯᠪᠡᠭ ᠬᠡᠭᠡᠷ ᠦ᠋ᠨ ᠭᠠᠢᠬᠠᠮ᠎ᠠ ᠬᠤᠷᠳᠤ ᠶ᠋ᠢ ᠳᠠᠭᠤᠷᠢᠶᠠᠭᠰᠠᠨ  
ᠢᠳᠡᠷ ᠬᠡᠭᠡᠷ ᠦ᠋ᠨ ᠦᠷ᠎ᠡ ᠬᠣᠢᠴᠢ ᠶ᠋ᠢ ᠵᠠᠯᠭᠠᠭᠰᠠᠨ᠃  

ᠨᠠᠷᠠ ᠭᠡᠢᠪᠡᠯ ᠲᠩᠷᠢ ᠶ᠋ᠢᠨ ᠠᠳᠠᠯᠢ ᠵᠢᠰᠦ ᠲᠡᠢ
ᠨᠠᠢ᠍ᠮᠠᠨ ᠵᠣᠪᠬᠢᠰ ᠲᠤ᠌ ᠠᠯᠤᠰ ᠤ᠋ᠨ ᠪᠠᠷ᠎ᠠ ᠶ᠋ᠢ ᠰᠢᠷᠳᠡᠭᠰᠡᠨ
ᠨᠠᠪᠴᠢᠨ ᠬᠥᠭᠡᠷᠦᠬᠦᠨ ᠴᠠᠬᠢ ᠶᠤᠭᠠᠨ ᠰᠣᠯᠪᠢᠯᠵᠠᠭᠤᠯᠤᠨ
ᠨᠠᠷᠢᠨ ᠤᠷᠲᠤ ᠬᠦᠵᠦᠭᠦᠦ ᠶᠦ᠍ᠭᠡᠨ ᠭᠣᠬᠣᠢᠯᠭᠠᠨ᠃

ᠡᠷᠳᠡᠨᠢ ᠶ᠋ᠢᠨ ᠳᠡᠭᠡᠳᠦ ᠲᠣᠯᠣᠭᠠᠢ ᠶᠤᠭᠠᠨ ᠡᠷᠭᠦᠭᠡᠳ
ᠡᠪᠳᠡᠲᠤ ᠴᠠᠭᠠᠨ ᠰᠢᠳᠦ ᠶᠦ᠍ᠭᠡᠨ ᠢᠷᠠᠯᠵᠠᠭᠤᠯᠤᠨ
ᠡᠵᠡᠨ ᠬᠥᠮᠦᠨ ᠢ᠋ᠶ᠋ᠡᠨ ᠬᠠᠷᠠᠨ ᠬᠠᠷᠠᠨ ᠡᠪᠰᠢᠶᠡᠳᠡᠭ
ᠢᠵᠢᠯᠢ ᠰᠦᠷᠦᠭ ᠢ᠋ᠶ᠋ᠡᠨ ᠬᠠᠢᠨ ᠬᠠᠢᠨ ᠦᠦᠷᠰᠡᠳᠡᠭ᠃

ᠳᠥᠷᠪᠡᠯᠵᠢᠨ ᠵᠥ᠋ ᠳ᠋ᠤᠨᠢ ᠬᠦᠴᠦ ᠲᠡᠩᠬᠡᠯ ᠬᠤᠷᠠᠯᠳᠤᠭᠰᠠᠨ
ᠳᠥᠷᠪᠡᠨ ᠴᠡᠴᠡ ᠨᠢ ᠬᠤᠷᠳᠤᠨ ᠰᠢᠨᠳᠠᠰᠤ ᠪᠠᠷ ᠴᠣᠭᠴᠠᠯᠠᠭᠰᠠᠨ
ᠬᠣᠯᠠ ᠶ᠋ᠢᠨ ᠬᠣᠯᠠ ᠳ᠋ᠤ᠌ ᠯᠠ ᠴᠤᠴᠠᠯ ᠦᠭᠡᠢ ᠭᠦᠶᠦᠮᠡᠷ
ᠬᠤᠷᠳᠤᠨ ᠰᠢᠨᠵᠢ ᠨᠢ ᠲᠡᠭᠦᠰ ᠲᠡᠭᠦᠯᠳᠡᠷ ᠪᠦᠷᠢᠳᠦᠭᠰᠡᠨ ᠃

ᠨᠠᠰᠤᠲᠠᠨ ᠪᠤᠭᠤᠷᠤᠯ ᠤ᠋ᠳ ᠲᠤ᠌ ᠵᠦᠢᠯ ᠪᠦᠷᠢ ᠪᠡᠷ ᠮᠠᠭᠲᠠᠭᠳᠠᠭᠰᠠᠨ
ᠨᠤᠲᠤᠭ ᠤ᠋ᠨ ᠠᠢᠯ ᠤ᠋ᠳ ᠵᠢᠷᠤᠭ ᠬᠥᠷᠥᠭ ᠢ᠋ ᠨᠢ ᠬᠠᠳᠠᠭᠠᠯᠠᠭᠰᠠᠨ
ᠡᠢᠮᠦ ᠬᠤᠷᠳᠤᠨ ᠤᠨᠠᠭ᠎ᠠ ᠭᠠᠯ ᠰᠢᠷ᠎ᠠ ᠳ᠋ᠤ᠌ ᠯᠠ ᠲᠥᠷᠥᠳᠡᠭ ᠶᠦᠮ
ᠲᠡᠢᠮᠦ ᠬᠤᠷᠳᠤᠨ ᠬᠦᠯᠦᠭ ᠭᠠᠯ ᠰᠢᠷ᠎ᠠ ᠳ᠋ᠤ᠌ ᠯᠠ ᠪᠠᠢᠳᠠᠭ ᠶᠤᠮ᠃

ᠵᠧ ᠭᠠᠯ ᠰᠢᠷ᠎ᠠ ᠶ᠋ᠢᠨ ᠤᠨᠠᠭᠠᠨ ᠠᠳᠤᠭᠤ
ᠬᠣᠣᠰ ᠯᠠ ᠬᠦᠷᠡᠩ ᠵᠢᠷᠦᠬᠡ ᠲᠠᠢ ᠯᠠ ᠭᠡᠳᠡᠭ
ᠬᠣᠶᠠᠷ ᠰᠤᠭᠤᠨ ᠳ᠋ᠠᠭᠠᠨ ᠭᠤᠤᠷᠰᠤ ᠲᠠᠢ ᠯᠠ ᠭᠡᠳᠡᠭ
ᠬᠣᠩᠭᠣᠷ ᠭᠣᠣᠯᠳᠠᠭᠤ ᠵᠢᠰᠦ ᠲᠡᠢ ᠯᠡ ᠭᠡᠳᠡᠭ
ᠬᠣᠯᠠ ᠲᠠᠬᠢ ᠶ᠋ᠢᠨ ᠤᠳᠤᠮ ᠲᠠᠢ ᠯᠠ ᠭᠡᠳᠡᠭ
ᠬᠤᠷᠳᠤᠨ ᠰᠣᠨᠢᠨ ᠳᠣᠮᠣᠭ ᠲᠠᠢ ᠯᠠ ᠭᠡᠳᠡᠭ᠃

ᠵᠧ ᠭᠠᠯ ᠰᠢᠷ᠎ᠠ ᠶ᠋ᠢᠨ ᠬᠤᠷᠳᠤᠨ ᠬᠦᠯᠦᠭ ᠨᠢ
ᠭᠠᠯ ᠪᠤᠲᠠᠷᠠᠭᠠᠬᠤ ᠲᠤᠭᠤᠷᠠᠢ ᠲᠠᠢ ᠨᠢ ᠦᠨᠡᠨ
ᠭᠠᠵᠠᠷ ᠲᠣᠪᠴᠢᠯᠠᠬᠤ ᠰᠢᠨᠳᠠᠰᠤ ᠲᠠᠢ ᠨᠢ ᠦᠨᠡᠨ
ᠲᠤᠷᠤᠭ ᠰᠠᠢᠬᠠᠨ ᠪᠡᠶ᠎ᠡ ᠲᠡᠢ ᠨᠢ ᠦᠨᠡᠨ
ᠲᠤᠢᠯ ᠤ᠋ᠨ ᠬᠤᠷᠳᠤᠨ ᠤᠳᠤᠮ ᠲᠠᠢ ᠨᠢ ᠦᠨᠡᠨ
ᠲᠥᠷᠥ ᠶ᠋ᠢᠨ ᠨᠠᠭᠠᠳᠤᠮ ᠳ᠋ᠤ᠌ ᠲᠥᠷᠥᠭᠦᠯᠳᠡᠭ ᠨᠢ ᠦᠨᠡᠨ᠃ 

  ᠮᠠᠨᠳᠤᠬᠤ ᠪᠠᠭᠰᠢ ᠶᠢᠨ ᠤᠷᠠᠨ ᠪᠢᠴᠢᠯᠭᠡ
      ᠦᠰᠦᠭ ᠠᠮᠢᠯᠠᠭᠤᠯᠤᠭᠴᠢ᠄ ᠨᠠᠷᠠᠨᠲᠣᠭᠣᠰ
      ᠬᠢᠨᠠᠭᠴᠢ᠄ ᠤᠤᠭᠠᠨᠵᠢᠳ