ᠠᠷᠤᠩАрунArun ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠤᠩАрунArun

ᠠᠷᠤᠩАрунArun

2025-06-20

177

ᠠᠷᠤᠩ

   ᠲᠤᠰ ᠡᠮ ᠪᠣᠯ ᠤᠳ᠋ᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠢᠮᠠᠭᠠᠨ ᠰᠢᠷᠠᠯᠵᠢ ᠪᠠ ᠠᠷᠤᠩ ᠤ᠋ᠨ ᠨᠢᠯᠬ᠎ᠠ ᠨᠠᠬᠢᠶ᠎ᠠ ᠮᠥᠨ᠃ ᠪᠠᠰᠠ ᠠᠭᠷᠤᠩ ᠭᠡᠳᠡᠭ᠃
   [ ᠤᠤᠯ ᠤᠷᠭᠤᠮᠠᠯ]1. ᠢᠮᠠᠭᠠᠨ ᠰᠢᠷᠠᠯᠵᠢ ᠨᠢᠭᠡ ᠪᠤᠶᠤ ᠬᠣᠶᠠᠷ ᠨᠠᠰᠤᠲᠤ ᠡᠪᠡᠰᠦᠯᠢᠭ ᠤᠷᠭᠤᠮᠠᠯ᠃40~90cm ᠥᠨᠳᠥᠷ᠂ ᠡᠰᠢ ᠨᠢ ᠰᠢᠯᠤᠭᠤᠨ᠂ ᠣᠯᠠᠨ ᠰᠠᠯᠠᠭ᠎ᠠ ᠲᠠᠢ᠂ ᠶᠠᠯᠢᠮ ᠦᠭᠡᠢ ᠦᠰᠦ ᠲᠡᠢ ᠪᠤᠶᠤ ᠦᠰᠦ ᠦᠭᠡᠢ᠃ ᠨᠠᠪᠴᠢ ᠨᠢ ᠢᠬᠴᠤ᠂ ᠤᠷᠲᠤ ᠪᠠᠷᠢᠭᠤᠯ ᠲᠠᠢ᠂ ᠳᠣᠣᠷ᠎ᠠ ᠬᠡᠰᠡᠭ ᠦ᠋ᠨ ᠨᠠᠪᠴᠢ ᠨᠢ ᠲᠡᠭᠰᠢ ᠲᠣᠭᠣᠷᠢᠭ ᠬᠡᠯᠪᠡᠷᠢ ᠲᠡᠢ᠂1.5~3.5cm ᠤᠷᠲᠤ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠭᠦᠢᠴᠡᠳ ᠣᠨᠢ ᠲᠠᠢ᠂ ᠰᠡᠵᠢᠭᠦᠷ ᠢᠯᠲᠠᠰᠤ ᠨᠢ ᠨᠠᠷᠢᠨ ᠤᠷᠲᠤ ᠪᠤᠶᠤ ᠨᠠᠷᠢᠨ ᠪᠦᠰᠡ ᠬᠡᠯᠪᠡᠷᠢ ᠲᠡᠢ᠂ ᠶᠡᠷᠦ ᠳ᠋ᠡᠭᠡᠨ ᠢᠬᠴᠤ ᠲᠣᠷᠭᠠᠨ ᠦᠰᠦ ᠲᠡᠢ ᠪᠤᠶᠤ ᠥᠪᠥᠷ ᠲᠠᠯ᠎ᠠ ᠳ᠋ᠤᠨᠢ ᠦᠰᠦ ᠦᠭᠡᠢ᠂ ᠱᠣᠪᠬᠣ ᠦᠵᠦᠭᠦᠷ ᠲᠡᠢ᠂ ᠳᠤᠮᠳᠠᠬᠢ ᠨᠠᠪᠴᠢ ᠨᠢ1~2cm ᠤᠷᠲᠤ᠂ ᠨᠢᠭᠡ ᠪᠤᠶᠤ ᠬᠣᠶᠠᠷᠳᠠᠭᠰᠠᠨ ᠥᠳᠥᠯᠢᠭ ᠭᠦᠢᠴᠡᠳ ᠣᠨᠢ ᠲᠠᠢ᠂ ᠰᠡᠵᠢᠭᠦᠷ ᠢᠯᠲᠠᠰᠤ ᠨᠢ ᠮᠠᠰᠢ ᠨᠠᠷᠢᠨ᠂ ᠦᠰᠦ ᠦᠭᠡᠢ᠂ ᠳᠡᠭᠡᠷ᠎ᠡ ᠬᠡᠰᠡᠭ ᠦ᠋ᠨ ᠨᠠᠪᠴᠢ ᠨᠢ3 ᠣᠨᠢ ᠲᠠᠢ ᠪᠤᠶᠤ ᠣᠨᠢ ᠦᠭᠡᠢ᠃ ᠮᠠᠰᠢ ᠣᠯᠠᠨ ᠲᠣᠯᠣᠭᠠᠢ ᠬᠡᠯᠪᠡᠷᠢᠲᠦ ᠪᠠᠭ ᠴᠡᠴᠡᠭ ᠲᠡᠢ᠂ ᠪᠠᠷᠢᠭᠤᠯ ᠲᠠᠢ ᠪᠤᠶᠤ ᠪᠠᠷᠢᠭᠤᠯ ᠦᠭᠡᠢ᠂ ᠪᠦᠰᠡᠯᠢᠭ ᠪᠠᠭᠯᠠᠭᠴᠢ ᠨᠠᠪᠴᠢ ᠲᠠᠢ᠂ ᠡᠰᠢ ᠰᠠᠯᠠᠭ᠎ᠠ ᠶ᠋ᠢᠨ ᠦᠵᠦᠭᠦᠷ ᠲᠦ᠍ ᠱᠣᠷᠣᠯᠵᠢᠨ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠶᠡᠷᠦᠩᠬᠡᠢ ᠪᠠᠭᠯᠠᠭᠴᠢ ᠨᠢ ᠪᠥᠮᠪᠥᠭᠡᠯᠢᠭ᠂ ᠳ᠋ᠢᠶᠠᠮᠧᠲ᠋ᠷ ᠨᠢ1~1.2mm᠂ ᠶᠡᠷᠦᠩᠬᠡᠢ ᠪᠠᠭᠯᠠᠭᠴᠢ ᠢᠯᠲᠠᠰᠤ ᠨᠢ2~3 ᠮᠥᠷ᠂ ᠥᠨᠳᠡᠭᠡᠯᠵᠢᠨ ᠥᠷᠭᠡᠨ ᠬᠠᠯᠢᠰᠤᠯᠢᠭ ᠬᠥᠪᠡᠭᠡ ᠲᠡᠢ᠂ ᠠᠷᠤ ᠲᠠᠯ᠎ᠠ ᠨᠢ ᠨᠣᠭᠣᠭᠠᠨ᠃ ᠴᠡᠴᠡᠭ ᠦ᠋ᠨ ᠭᠠᠳᠠᠷ ᠮᠥᠷ ᠨᠢ5~7 ᠬᠦᠢᠰ᠂ ᠡᠮ᠎ᠡ ᠪᠡᠯᠭᠡ ᠲᠡᠢ᠂ ᠦᠷᠡᠯᠡᠨ᠎ᠡ᠃ ᠳᠣᠲᠣᠷ᠎ᠠ ᠮᠥᠷ ᠨᠢ4 ᠬᠦᠢᠰ᠂ ᠦᠷᠡᠯᠡᠬᠦ ᠦᠭᠡᠢ᠃ ᠲᠤᠷᠠᠩᠬᠠᠢ ᠵᠢᠮᠢᠰ ᠨᠢ ᠲᠣᠩᠭᠣᠷᠤᠤ ᠥᠨᠳᠡᠭᠡᠯᠵᠢᠨ᠂ ᠦᠰᠦ ᠦᠭᠡᠢ᠃8~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   2. ᠠᠷᠤᠩ ᠬᠠᠭᠠᠰ ᠪᠤᠲᠠ ᠮᠠᠶᠢᠭ ᠤ᠋ᠨ ᠡᠪᠡᠰᠦᠯᠢᠭ ᠤᠷᠭᠤᠮᠠᠯ᠃50~100cm ᠥᠨᠳᠥᠷ᠂ ᠦᠨᠳᠦᠰᠦ ᠨᠢ ᠡᠭᠴᠡ ᠰᠢᠯᠤᠭᠤᠨ ᠪᠤᠶᠤ ᠲᠠᠰᠢᠭᠤ᠃ ᠡᠰᠢ ᠨᠢ ᠰᠢᠯᠤᠭᠤᠨ᠂ ᠣᠯᠠᠨ ᠰᠠᠯᠠᠭᠠᠯᠠᠨ᠎ᠠ᠃ ᠲᠤᠰ ᠵᠢᠯ ᠦ᠋ᠨ ᠡᠰᠢ ᠰᠠᠯᠠᠭ᠎ᠠ ᠶ᠋ᠢᠨ ᠦᠵᠦᠭᠦᠷ ᠲᠡᠬᠢ ᠨᠠᠪᠴᠢ ᠨᠢ ᠪᠣᠳᠠᠯᠠᠨ᠎ᠠ᠃ ᠢᠬᠴᠤ ᠲᠣᠷᠭᠠᠨ ᠦᠰᠦ ᠲᠡᠢ᠂ ᠴᠡᠴᠡᠭ ᠦ᠋ᠨ ᠡᠰᠢ ᠨᠢ ᠡᠬᠢᠨ ᠳ᠋ᠡᠭᠡᠨ ᠦᠰᠦ ᠲᠡᠢ᠃ ᠨᠠᠪᠴᠢ ᠨᠢ ᠬᠣᠶᠠᠷᠳᠠᠭᠰᠠᠨ ᠥᠳᠥᠯᠢᠭ ᠣᠨᠢ ᠲᠠᠢ᠂ ᠤᠵᠠᠭᠤᠷ ᠤ᠋ᠨ ᠨᠠᠪᠴᠢ ᠨᠢ ᠨᠡᠯᠢᠶᠡᠳ ᠥᠷᠭᠡᠨ ᠣᠬᠣᠷ᠂ ᠲᠣᠷᠭᠠᠨ ᠦᠰᠦ ᠲᠡᠢ᠂ ᠳᠤᠮᠳᠠ ᠠ᠋ᠴᠠ ᠳᠡᠭᠡᠭᠰᠢ ᠨᠠᠪᠴᠢ ᠶ᠋ᠢᠨ ᠤᠷᠲᠤ ᠨᠢ2~3cm ᠬᠦᠷᠳᠡᠭ᠃ ᠰᠡᠵᠢᠭᠦᠷ ᠢᠯᠲᠠᠰᠤ ᠨᠢ ᠨᠠᠷᠢᠨ᠂ ᠪᠦᠰᠡ ᠬᠡᠯᠪᠡᠷᠢ ᠲᠡᠢ᠂ ᠦᠰᠦ ᠦᠭᠡᠢ ᠰᠢᠬᠠᠭᠤ᠃ ᠪᠠᠭ ᠴᠡᠴᠡᠭ ᠨᠢ ᠡᠮᠦᠨᠡᠬᠢ ᠲᠡᠢ ᠪᠡᠨ ᠲᠥᠰᠦᠭᠡᠲᠡᠢ᠂ ᠵᠥᠪᠬᠡᠨ ᠭᠠᠳᠠᠷ ᠮᠥᠷ ᠳᠠᠬᠢ ᠡᠮ᠎ᠡ ᠴᠡᠴᠡᠭ ᠨᠢ4~12 ᠬᠦᠢᠰ᠂ ᠰᠢᠷ᠎ᠠ ᠥᠩᠭᠡ ᠲᠡᠢ᠂ ᠦᠷᠡᠯᠡᠨ᠎ᠡ᠃ ᠲᠤᠷᠠᠩᠬᠠᠢ ᠵᠢᠮᠢᠰ ᠨᠢ ᠡᠮᠦᠨᠡᠬᠢ ᠡᠴᠡ ᠪᠡᠨ ᠨᠡᠯᠢᠶᠡᠳ ᠲᠣᠮᠣ᠂ ᠤᠷᠲᠤ ᠨᠢ1mm ᠬᠦᠷᠳᠡᠭ᠃
   [ ᠤᠷᠭᠤᠬᠤ ᠣᠷᠴᠢᠨ ᠬᠢᠭᠡᠳ ᠲᠠᠷᠬᠠᠴᠠ] ᠢᠮᠠᠭᠠᠨ ᠰᠢᠷᠠᠯᠵᠢ ᠪᠣᠯ ᠭᠣᠣ ᠶ᠋ᠢᠨ ᠬᠥᠪᠡᠭᠡ᠂ ᠠᠭᠤᠯᠠᠨ ᠬᠠᠵᠠᠭᠤ᠂ ᠡᠯᠡᠰᠦᠷᠬᠡᠭ ᠭᠠᠵᠠᠷ ᠬᠢᠭᠡᠳ ᠬᠤᠵᠢᠷᠰᠠᠭ ᠭᠠᠵᠠᠷ ᠲᠤ᠌ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ  ᠲᠤ᠌ ᠲᠠᠷᠬᠠᠴᠠ ᠲᠠᠢ᠃ ᠠᠷᠣᠩ ᠪᠣᠯ ᠭᠣᠣ ᠰᠤᠪᠠᠭ ᠤ᠋ᠨ ᠬᠥᠪᠡᠭᠡ᠂ ᠲᠠᠷᠢᠶᠠᠨ ᠤ᠋ ᠵᠠᠭᠠᠭ᠂ ᠬᠠᠳᠠᠮᠠᠯ ᠭᠣᠣᠯ ᠤ᠋ᠨ ᠬᠥᠪᠡᠭᠡ᠂ ᠠᠲᠠᠷ ᠭᠠᠵᠠᠷ᠂ ᠳᠠᠯᠠᠢ ᠶ᠋ᠢᠨ ᠳᠠᠩ ᠳ᠋ᠤ᠌ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]4~5 ᠳ᠋ᠤᠭᠠᠷ ᠰᠠᠷ᠎ᠠ ᠶ᠋ᠢᠨ ᠬᠣᠭᠣᠷᠣᠨᠳᠣ ᠨᠢᠯᠬ᠎ᠠ ᠨᠠᠬᠢᠶ᠎ᠠ ᠨᠢ6~10cm ᠥᠨᠳᠥᠷ ᠪᠣᠯᠬᠤ ᠦᠶᠡᠰ ᠪᠦᠬᠦᠯᠢ ᠡᠪᠡᠰᠦ ᠶ᠋ᠢ ᠨᠢ ᠮᠠᠯᠲᠠᠨ ᠠᠪᠴᠤ᠂ ᠴᠣᠭᠣᠷ ᠡᠰᠢ᠂ ᠦᠨᠳᠦᠰᠦ ᠶ᠋ᠢ ᠨᠢ ᠠᠷᠢᠯᠭᠠᠨ ᠬᠠᠶᠠᠭᠠᠳ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ; ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠬᠠᠯᠠᠭᠤᠨ ᠢ᠋ ᠠᠷᠢᠯᠭᠠᠬᠤ᠂ ᠬᠠᠨᠢᠶᠠᠬᠤ ᠶ᠋ᠢ ᠵᠣᠭᠰᠣᠭᠠᠬᠤ᠂ ᠥᠭᠡᠷᠢ ᠶ᠋ᠢ ᠲᠠᠲᠠᠬᠤ ᠴᠢᠳᠠᠯ ᠲᠠᠢ᠃ ᠭᠣᠣᠯᠳᠠᠭᠤ ᠠᠭᠤᠰᠬᠢᠨ ᠤ᠋ ᠬᠠᠯᠠᠭᠤᠨ᠂ ᠠᠭᠤᠰᠬᠢᠨ ᠤ᠋ ᠬᠠᠳᠬᠤᠯᠭ᠎ᠠ᠂ ᠠᠭᠤᠰᠬᠢᠨ ᠦᠭᠡᠷᠢ᠂ ᠲᠠᠭᠰᠢᠭᠤᠷ ᠬᠠᠨᠢᠶᠠᠳᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄茵陈(1.滨蒿 2.茵陈蒿)
  ᠠᠩᠭ᠌ᠯᠢ ᠨᠡᠷ᠎ᠡ᠄1.Artemisia scoparia Waldest. et Kit.
2.Artemisia capillaris Tlwnb.

   ᠦᠰᠦᠭ ᠠᠮᠢᠯᠠᠭᠤᠯᠤᠭᠴᠢ᠄ ᠴᠡᠪᠡᠷᠴᠡᠴᠡᠭ
   ᠬᠢᠨᠠᠭᠴᠢ᠄ ᠲᠤᠶᠠᠭ᠎ᠠ