ᠳ᠋ᠢᠩᠰᠢᠶᠠᠩ ᠪᠥᠭᠡᠷ᠎ᠡ-ᠴᠠᠭᠠᠨᠪᠠᠷᠰТиншаан бөөр-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ᠋ᠢᠩᠰᠢᠶᠠᠩ ᠪᠥᠭᠡᠷ᠎ᠡ-ᠴᠠᠭᠠᠨᠪᠠᠷᠰТиншаан бөөр-Цагаанбар

ᠳ᠋ᠢᠩᠰᠢᠶᠠᠩ ᠪᠥᠭᠡᠷ᠎ᠡ-ᠴᠠᠭᠠᠨᠪᠠᠷᠰТиншаан бөөр-Цагаанбар

2025-06-19

614

ᠳ᠋ᠢᠩᠰᠢᠶᠠᠩ ᠪᠥᠭᠡᠷ᠎ᠡ

   — ᠬᠣᠷᠴᠢᠨ ᠠᠷᠠᠳ ᠤ᠋ᠨ ᠳᠠᠭᠤᠤ ᠴᠠᠭᠠᠨᠪᠠᠷᠰ ᠳᠠᠭᠤᠯᠠᠨ᠎ᠠ 
ᠲᠥᠷᠥᠭᠡᠳ ᠲᠡᠭᠡᠭᠰᠡᠨ ᠭᠠᠵᠠᠷ ᠴᠢᠨᠢ ᠳᠡ ᠬᠦᠢ 
ᠲᠦᠮᠡᠳ ᠪᠣᠯᠤᠨ ᠮᠣᠩᠭᠣᠯᠵᠢᠨ ᠤ᠋ ᠵᠠᠭᠠᠭ ᠤ᠋ᠨ ᠳᠡᠭᠡᠷ᠎ᠡ ᠠ᠋ ᠬᠦᠢ 
ᠲᠦᠪᠡᠭᠳᠡᠭᠡᠳ ᠯᠡ ᠵᠠᠶᠠᠭᠠᠭᠰᠠᠨ ᠭᠠᠵᠠᠷ ᠴᠢᠨᠢ ᠳᠡ ᠠ ᠬᠠ ᠬᠦᠢ 
ᠳ᠋ᠢᠩᠰᠢᠶᠠᠩ ᠪᠥᠭᠡᠷ᠎ᠡ ᠠ᠋ ᠬᠦᠢ 
ᠨᠠᠷᠠᠬᠠᠨ ᠬᠣᠲᠠᠨ ᠤ᠋ ᠨᠠᠭᠠᠲᠠᠢ ᠪᠡᠶ᠎ᠡ ᠂ᠨᠠᠩᠭᠢ ᠶ᠋ᠢᠨ ᠠᠢᠯ ᠠ᠋  ᠠ ᠬᠠ ᠬᠦᠢ 
ᠨᠠᠩᠭᠢ ᠶ᠋ᠢᠨ ᠠᠢᠯ ᠠ᠋ ᠬᠦᠢ 
ᠤᠤᠭᠤᠭᠠᠳ ᠲᠡᠭᠡᠭᠰᠡᠨ ᠤᠰᠤ ᠴᠢᠨᠢ ᠳᠡ ᠬᠦᠢ 
ᠤᠷᠳᠤᠭᠤᠷ ᠨᠢ ᠤᠷᠤᠰᠴᠤ ᠪᠠᠢᠬᠤ ᠯᠤᠤᠬ᠎ᠠ ᠶ᠋ᠢᠨ ᠭᠣᠣᠯ ᠠ᠋ ᠬᠦᠢ
ᠤᠴᠠᠷᠠᠭᠠᠳ ᠯᠠ ᠵᠠᠶᠠᠭᠠᠭᠰᠠᠨ ᠭᠠᠵᠠᠷ ᠴᠢᠨᠢ ᠳᠡ ᠠ ᠬᠠ ᠬᠦᠢ
ᠳ᠋ᠢᠩᠰᠢᠶᠠᠩ ᠪᠥᠭᠡᠷ᠎ᠡ ᠠ᠋ ᠬᠦᠢ
ᠨᠠᠷᠠᠬᠠᠨ ᠬᠣᠲᠠ ᠶ᠋ᠢᠨ ᠨᠠᠭᠠᠲᠠᠢ ᠪᠡᠶ᠎ᠡ ᠨᠠᠩᠭᠢ ᠶ᠋ᠢᠨ ᠠᠢᠯ ᠠ᠋  ᠠ ᠬᠠ ᠬᠦᠢ
ᠨᠠᠩᠭᠢ ᠶ᠋ᠢᠨ ᠠᠢᠯ ᠠ᠋ ᠬᠦᠢ

ᠱᠠᠭᠠᠵᠠᠩ ᠴᠣᠮᠣᠨ ᠤ᠋ ᠴᠢᠩ ᠴᠠᠢ ᠶᠤᠮ ᠠ᠋ ᠬᠦᠢ
ᠰᠢᠭᠠᠷᠤᠭ ᠭᠡᠵᠦ ᠪᠠᠢᠭ᠎ᠠ ᠶᠤᠮ ᠠ᠋ ᠬᠦᠢ
ᠴᠢᠮ᠎ᠠ ᠲᠠᠢ ᠪᠠᠨ ᠬᠡᠯᠡᠯᠴᠡᠭᠰᠡᠨ ᠬᠣᠶᠠᠷ ᠦᠭᠡ ᠶ᠋ᠢ ᠠ ᠬᠠ ᠬᠦᠢ
ᠳ᠋ᠢᠩᠰᠢᠶᠠᠩ ᠪᠥᠭᠡᠷ᠎ᠡ ᠠ᠋ ᠬᠦᠢ
ᠴᠡᠭᠡᠵᠢ ᠪᠣᠯᠤᠨ ᠵᠢᠷᠦᠬᠡᠨ ᠳ᠋ᠦ᠍ ᠰᠢᠭᠢᠳᠬᠡᠭᠡᠳ ᠥᠭᠴᠡᠢ  ᠠ ᠬᠠ ᠬᠦᠢ
ᠣᠶᠣᠭᠠᠳ ᠥᠭᠴᠡᠢ ᠬᠦᠢ
ᠬᠠᠰ ᠤ᠋ᠨ ᠴᠣᠮᠣᠨ ᠤ᠋ ᠬᠠᠷ᠎ᠠ ᠴᠠᠢ ᠶᠠ ᠠ᠋ ᠬᠦᠢ
ᠰᠢᠭᠠᠷᠤ ᠭᠡᠵᠦ ᠯᠡ ᠪᠠᠢᠭ᠎ᠠ ᠶᠤᠮ ᠠ᠋ ᠬᠦᠢ
ᠬᠠᠮᠲᠤ ᠪᠠᠷ ᠬᠡᠯᠡᠯᠴᠡᠭᠰᠡᠨ ᠬᠣᠶᠠᠷ ᠦᠭᠡ ᠶ᠋ᠢ ᠠ ᠬᠠ ᠬᠦᠢ
ᠳ᠋ᠢᠩᠰᠢᠶᠠᠩ ᠪᠥᠭᠡᠷ᠎ᠡ ᠬᠦᠢ
ᠬᠠᠪᠲᠠᠭᠠᠢ ᠴᠡᠭᠡᠵᠢᠨ ᠳ᠋ᠦ᠍ ᠬᠠᠲᠠᠭᠠᠳ ᠥᠭᠴᠡᠢ ᠠ ᠬᠠ ᠬᠦᠢ
ᠣᠶᠣᠭᠠᠳ ᠥᠭᠴᠡᠢ ᠬᠦᠢ

ᠬᠠᠳᠠ ᠯᠠ ᠪᠣᠯᠭᠠᠨ ᠬᠠᠵᠠᠭᠤ ᠲᠠᠢ ᠶᠠ ᠬᠦᠢ
ᠬᠠᠵᠠᠭᠤ ᠪᠠᠷ ᠨᠢ ᠭᠠᠷᠬᠤ ᠵᠠᠮ ᠲᠠᠢ ᠶᠤᠮ ᠠ᠋ ᠬᠦᠢ
ᠬᠠᠢᠷᠠᠯᠠᠭᠠᠳ ᠬᠡᠯᠡᠯᠴᠡᠭᠰᠡᠨ ᠬᠣᠶᠠᠷ ᠦᠭᠡ ᠶ᠋ᠢ ᠠ ᠬᠠ ᠬᠦᠢ
ᠳ᠋ᠢᠩᠰᠢᠶᠠᠩ ᠪᠥᠭᠡᠷ᠎ᠡ ᠠ᠋ ᠬᠦᠢ
ᠬᠠᠪᠲᠠᠭᠠᠢ ᠴᠡᠭᠡᠵᠢᠨ ᠡᠴᠡ ᠭᠠᠷᠬᠤ ᠦᠭᠡᠢ ᠴᠦ᠍ ᠶᠦᠮ ᠠ᠋ ᠬᠦᠢ
ᠭᠠᠷᠬᠤ ᠦᠭᠡᠢ ᠴᠦ᠍ ᠶᠦᠮ ᠠ᠋ ᠬᠦᠢ

ᠠᠭᠤᠯᠠ ᠪᠣᠯᠭᠠᠨ ᠣᠷᠣᠢ ᠲᠠᠢ ᠶᠠ ᠬᠦᠢ
ᠣᠷᠣᠢ ᠪᠠᠷ ᠨᠢ ᠭᠠᠷᠬᠤ ᠵᠠᠮ ᠲᠠᠢ ᠶᠤᠮ ᠠ᠋ ᠬᠦᠢ
ᠤᠴᠠᠷᠠᠭᠠᠳ ᠠᠭᠤᠯᠵᠠᠭᠠᠳ ᠬᠡᠯᠡᠭᠰᠡᠨ ᠦᠭᠡ ᠶ᠋ᠢ ᠠ ᠬᠠ ᠬᠦᠢ
ᠳ᠋ᠢᠩᠰᠢᠶᠠᠩ ᠪᠥᠭᠡᠷ᠎ᠡ ᠠ᠋ ᠬᠦᠢ
ᠠᠭᠤᠰᠬᠢ ᠪᠣᠯᠤᠨ ᠵᠢᠷᠦᠬᠡᠨ ᠡᠴᠡ ᠭᠠᠷᠬᠤ ᠦᠭᠡᠢ ᠴᠦ᠍ ᠶᠦᠮ ᠤᠤ ᠳᠠ ᠬᠦᠢ
ᠭᠠᠷᠬᠤ ᠦᠭᠡᠢ ᠴᠦ᠍ ᠶᠦᠮ ᠤᠤ ᠳᠠ ᠬᠦᠢ

ᠦᠰᠦᠭ  ᠠᠮᠢᠯᠠᠭᠤᠯᠤᠭᠰᠠᠨ ᠨᠢ᠄ ᠭᠠᠸᠠ
ᠦᠰᠦᠭ  ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠢᠷᠡᠭᠡᠳᠦᠢ