ᠬᠠᠮᠤᠭ ᠮᠣᠩᠭᠣᠯ ᠤ᠋ᠨ ᠬᠠᠷᠪᠤᠭ᠎ᠠ -ᠮᠠᠨᠳᠤᠬᠤ ᠪᠠᠭᠰᠢ ᠶ᠋ᠢᠨ ᠤᠷᠠᠨ ᠪᠢᠴᠢᠯᠭᠡХамаг монголын харваа ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠤᠭ ᠮᠣᠩᠭᠣᠯ ᠤ᠋ᠨ ᠬᠠᠷᠪᠤᠭ᠎ᠠ -ᠮᠠᠨᠳᠤᠬᠤ ᠪᠠᠭᠰᠢ ᠶ᠋ᠢᠨ ᠤᠷᠠᠨ ᠪᠢᠴᠢᠯᠭᠡХамаг монголын харваа

ᠬᠠᠮᠤᠭ ᠮᠣᠩᠭᠣᠯ ᠤ᠋ᠨ ᠬᠠᠷᠪᠤᠭ᠎ᠠ -ᠮᠠᠨᠳᠤᠬᠤ ᠪᠠᠭᠰᠢ ᠶ᠋ᠢᠨ ᠤᠷᠠᠨ ᠪᠢᠴᠢᠯᠭᠡХамаг монголын харваа

ᠠᠩᠭᠢᠯᠠᠯ:ᠤᠷᠠᠨ ᠪᠢᠴᠢᠯᠭᠡ
2025-06-19

215

ᠬᠠᠮᠤᠭ ᠮᠣᠩᠭᠣᠯ ᠤ᠋ᠨ ᠬᠠᠷᠪᠤᠭ᠎ᠠ


ᠡᠪᠡᠷ ᠨᠤᠮᠤ ᠪᠠᠨ ᠡᠪᠰᠢᠶᠡᠯᠭᠡᠨ ᠲᠠᠲᠠᠬᠤ    
ᠡᠷᠡᠯᠬᠡᠭ ᠾᠦᠩᠨᠦ ᠤᠳᠤᠮᠲᠤ ᠪᠠᠭᠠᠲᠤᠷ ᠤ᠋ᠳ   
ᠵᠠᠯᠠᠮ᠎ᠠ ᠰᠦᠪᠡᠭᠡᠲᠠᠢ ᠶ᠋ᠢᠨ ᠴᠡᠴᠡᠨ ᠤᠬᠠᠭᠠᠨ ᠢ᠋ᠶ᠋ᠠᠷ   
ᠵᠡᠯᠡᠯᠡᠨ ᠡᠷᠦᠭᠰᠡᠨ ᠴᠢᠳᠥᠷ ᠴᠤᠯᠪᠤᠭᠤᠷ᠃   
ᠡᠵᠡᠨ ᠴᠢᠩᠭᠢᠰ ᠦ᠋ᠨ ᠴᠢᠯᠠᠭᠤᠨ ᠳ᠋ᠤ᠌ ᠰᠡᠢᠯᠦᠭᠰᠡᠨ   
ᠡᠷᠲᠡᠨ ᠦ᠌ ᠲᠡᠦᠬᠡ ᠲᠡᠢ ᠰᠤᠷ ᠬᠠᠷᠪᠤᠭ᠎ᠠ   
ᠠᠢ ᠳᠠ ᠮᠡᠷᠭᠡᠨ ᠬᠠᠢ ᠳ᠋ᠠᠭᠠᠨ ᠬᠠᠢ ᠳ᠋ᠠᠭᠠᠨ  
ᠡᠷᠡᠯᠬᠡᠭ ᠮᠣᠩᠭᠣᠯ ᠤ᠋ᠨ ᠰᠤᠷ ᠬᠠᠷᠪᠤᠭ᠎ᠠ᠃   

ᠮᠣᠳᠣᠨ ᠬᠠᠭᠠᠨ ᠤ᠋ ᠳᠠᠭᠤᠲᠤ ᠰᠤᠮᠤ ᠶ᠋ᠢ
ᠮᠣᠩᠭᠣᠯ ᠨᠠᠭᠠᠳᠤᠮ ᠤ᠋ᠨ ᠲᠩᠷᠢ ᠳ᠋ᠦ᠍  ᠢᠰᠬᠡᠷᠦᠭᠦᠯᠵᠦ
ᠮᠡᠬᠡᠷ ᠨᠤᠮᠤ ᠪᠠᠨ ᠡᠷᠴᠢᠯᠡᠨ ᠳᠡᠯᠢᠵᠦ
ᠪᠤᠷᠢᠶᠠᠳ ᠬᠥᠪᠡᠭᠦᠨ ᠬᠣᠷᠰᠢᠨ ᠮᠤᠯᠲᠤᠯᠪᠠ᠃
ᠪᠤᠭᠤᠷᠤᠯ ᠲᠡᠦᠬᠡ ᠲᠡᠢ ᠠᠯᠲᠠᠨ ᠤᠷᠢᠶᠠᠩᠬᠠᠢ
ᠪᠤᠷᠢᠶᠠᠳ ᠵᠤᠨ ᠤ᠋ ᠪᠠᠬᠠᠷᠬᠠᠯ ᠪᠣᠯᠤᠭᠰᠠᠨ
ᠠᠢ ᠳᠠ ᠮᠡᠷᠭᠡᠨ ᠪᠠᠷ᠎ᠠ ᠪᠠᠷ᠎ᠠ
ᠬᠥᠬᠡ ᠮᠣᠩᠭᠣᠯ ᠤ᠋ᠨ ᠴᠡᠴᠡᠨ ᠬᠠᠷᠪᠤᠭ᠎ᠠ᠃
ᠡᠵᠡᠨ ᠴᠢᠩᠭᠢᠰ ᠦ᠋ᠨ ᠴᠢᠯᠠᠭᠤᠨ ᠳ᠋ᠤ᠌ ᠰᠡᠢᠯᠦᠭᠰᠡᠨ
ᠡᠷᠲᠡᠨ ᠦ᠌ ᠲᠡᠦᠬᠡ ᠲᠡᠢ ᠰᠤᠷ ᠬᠠᠷᠪᠤᠭ᠎ᠠ
ᠠᠢ ᠳᠠ ᠮᠡᠷᠭᠡᠨ ᠤᠤᠬᠠᠢ ᠤᠤᠬᠠᠢ
ᠶᠡᠬᠡ ᠮᠣᠩᠭᠣᠯ ᠤ᠋ᠨ ᠰᠤᠷ ᠬᠠᠷᠪᠤᠭ᠎ᠠ᠃

ᠡᠩᠬᠡ ᠲᠥᠷᠥ ᠶ᠋ᠢᠨ ᠪᠠᠶᠠᠷ ᠴᠡᠩᠭᠡᠯ
ᠡᠷ᠎ᠡ ᠶ᠋ᠢᠨ ᠭᠤᠷᠪᠠᠨ ᠨᠠᠭᠠᠳᠤᠮ ᠤ᠋ᠨ ᠮᠠᠩᠯᠠᠢ
ᠬᠠᠮᠤᠭ ᠮᠣᠩᠭᠣᠯ ᠤ᠋ᠨ ᠰᠦᠷ ᠬᠦᠴᠦᠨ
ᠬᠠᠪᠤᠲᠤ ᠬᠠᠰᠠᠷ ᠤ᠋ᠨ ᠤᠳᠤᠮᠲᠤ ᠬᠠᠷᠪᠤᠭᠠᠴᠢ᠃
ᠡᠷᠡᠬᠡᠢ ᠮᠡᠷᠭᠡᠨ ᠦ᠌ ᠳᠣᠮᠣᠭ ᠢ᠋ ᠠᠮᠢᠯᠠᠭᠤᠯᠵᠤ
ᠡᠷᠲᠡᠨ ᠦ᠌ ᠲᠡᠦᠬᠡ ᠶ᠋ᠢᠨ ᠦᠨᠡᠨ ᠢ᠋ ᠪᠠᠲᠤᠯᠠᠪᠠ
ᠠᠢ ᠳᠠ ᠮᠡᠷᠭᠡᠨ ᠤᠤᠬᠠᠢ ᠤᠤᠬᠠᠢ
ᠶᠡᠬᠡ ᠮᠣᠩᠭᠣᠯ ᠤ᠋ᠨ ᠰᠤᠷ ᠬᠠᠷᠪᠤᠭ᠎ᠠ᠃
ᠡᠵᠡᠨ ᠴᠢᠩᠭᠢᠰ ᠦ᠋ᠨ ᠴᠢᠯᠠᠭᠤᠨ ᠳ᠋ᠤ᠌ ᠰᠡᠢᠯᠦᠭᠰᠡᠨ
ᠡᠷᠲᠡᠨ ᠦ᠌ ᠲᠡᠦᠬᠡ ᠲᠡᠢ ᠰᠤᠷ ᠬᠠᠷᠪᠤᠭ᠎ᠠ
ᠠᠢ ᠳᠠ ᠮᠡᠷᠭᠡᠨ ᠤᠤᠬᠠᠢ ᠤᠤᠬᠠᠢ
ᠶᠡᠬᠡ ᠮᠣᠩᠭᠣᠯ ᠤ᠋ᠨ ᠰᠤᠷ ᠬᠠᠷᠪᠤᠭ᠎ᠠ
ᠠᠢ ᠳᠠ ᠮᠡᠷᠭᠡᠨ ᠤᠤᠬᠠᠢ ᠤᠤᠬᠠᠢ
ᠬᠠᠮᠤᠭ ᠮᠣᠩᠭᠣᠯ ᠤ᠋ᠨ ᠰᠤᠷ ᠬᠠᠷᠪᠤᠭ᠎ᠠ᠃ 

       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ