ᠮᠠᠷᠺᠣ ᠫᠣᠯᠣ ᠶ᠋ᠢᠨ ᠴᠠᠢ ᠶ᠋ᠢᠨ ᠵᠣᠭᠣᠭМарко Пологийн цайн зоог ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠺᠣ ᠫᠣᠯᠣ ᠶ᠋ᠢᠨ ᠴᠠᠢ ᠶ᠋ᠢᠨ ᠵᠣᠭᠣᠭМарко Пологийн цайн зоог

ᠮᠠᠷᠺᠣ ᠫᠣᠯᠣ ᠶ᠋ᠢᠨ ᠴᠠᠢ ᠶ᠋ᠢᠨ ᠵᠣᠭᠣᠭМарко Пологийн цайн зоог

ᠠᠩᠭᠢᠯᠠᠯ:ᠲᠡᠦᠬᠡ ᠰᠣᠶᠣᠯ
2022-09-15

416

ᠮᠠᠷᠺᠣ ᠫᠣᠯᠣ 

  1269 ᠣᠨ ᠳ᠋ᠤ᠌ ᠠᠬ᠎ᠠ ᠳᠡᠭᠦᠦ ᠨᠢᠺᠺᠣᠯᠣ᠂ ᠮᠠᠹᠹᠧᠣ ᠨᠠᠷ ᠸᠧᠨᠧᠼᠢ ᠳ᠋ᠦ᠍ ᠪᠤᠴᠠᠵᠤ ᠢᠷᠡᠭᠡᠳ ᠮᠠᠷᠺᠣ ᠫᠣᠯᠣ ᠲᠠᠢ ᠠᠩᠬ᠎ᠠ ᠠᠭᠤᠯᠵᠠᠪᠠ᠃ ᠲᠡᠭᠡᠭᠡᠳ 1271 ᠣᠨ ᠤ᠋ ᠰᠡᠭᠦᠯᠡᠷ ᠠᠬ᠎ᠠ ᠲᠡᠭᠦᠰ 17 ᠨᠠᠰᠤᠲᠠᠢ ᠮᠠᠷᠺᠣ ᠫᠣᠯᠣ ᠶ᠋ᠢᠨ ᠬᠠᠮᠲᠤ ᠠᠽᠢᠶ᠎ᠠ ᠤᠷᠤᠭᠤ ᠠᠶᠠᠯᠠᠬᠤ ᠪᠠᠷ ᠬᠥᠳᠡᠯᠦᠭᠰᠡᠨ ᠪᠥᠭᠡᠳ ᠬᠣᠵᠢᠮ ᠨᠢ ᠳᠣᠷᠣᠨᠠᠲᠤ ᠶ᠋ᠢᠨ ᠠᠶᠠᠯᠠᠯ ᠳ᠋ᠤ᠌ ᠪᠢᠴᠢᠭᠳᠡᠭᠰᠡᠨ ᠪᠠᠢᠳᠠᠭ᠃ 1295 ᠣᠨ ᠳ᠋ᠤ᠌ 15000 ᠺᠢᠯᠣᠮᠧᠲ᠋ᠷ ᠵᠠᠮ ᠢ᠋ ᠲᠤᠭᠤᠯᠵᠤ ᠡᠳ᠋ ᠪᠠᠶᠠᠯᠢᠭ᠂ ᠡᠷᠳᠡᠨᠢᠰ ᠲᠡᠢ ᠪᠤᠴᠠᠵᠤ ᠢᠷᠡᠪᠡ᠃

ᠲᠡᠳᠡᠨ ᠢ᠋ ᠪᠤᠴᠠᠵᠤ ᠢᠷᠡᠭᠰᠡᠨ ᠡᠴᠡ ᠬᠣᠢᠰᠢ ᠭᠤᠷᠪᠠᠨ ᠵᠢᠯ ᠦ᠋ᠨ ᠳᠠᠷᠠᠭ᠎ᠠ ᠸᠧᠨᠧᠼ ᠭᠧᠨᠤᠶ᠎ᠠ ᠲᠠᠢ ᠳᠠᠢᠳᠤᠵᠤ ᠪᠠᠢᠪᠠ᠃ ᠮᠠᠷᠺᠣ ᠫᠣᠯᠣ ᠰᠠᠢᠨ ᠳᠤᠷ᠎ᠠ ᠪᠠᠷ ᠢ᠋ᠶ᠋ᠠᠨ ᠴᠡᠷᠢᠭ ᠪᠣᠯᠵᠤ᠂ ᠠᠷᠮᠢ ᠳ᠋ᠤ᠌ ᠠᠯᠪᠠ ᠬᠠᠭᠠᠵᠤ ᠪᠠᠢᠭᠰᠠᠨ ᠪᠣᠯᠪᠠᠴᠤ ᠭᠧᠨᠤᠶᠠᠴᠤᠳ ᠲᠤ᠌ ᠣᠯᠵᠠᠯᠠᠭᠳᠠᠭᠰᠠᠨ᠃
ᠱᠣᠷᠣᠩ ᠳ᠋ᠤ᠌ ᠬᠣᠷᠢᠭᠳᠠᠭᠰᠠᠨ ᠬᠡᠳᠦᠨ ᠰᠠᠷ᠎ᠠ ᠳ᠋ᠤ᠌ ᠪᠠᠨ ᠲᠡᠷᠡ ᠪᠡᠷ ᠠᠶᠠᠯᠠᠯ ᠤ᠋ᠨ ᠢ᠋ᠶ᠋ᠠᠨ ᠨᠠᠷᠢᠨ ᠰᠢᠷᠢ ᠶ᠋ᠢᠨ ᠵᠦᠢᠯ ᠢ᠋ ᠪᠢᠴᠢᠵᠦ ᠦᠯᠡᠳᠡᠭᠡᠭᠰᠡᠨ ᠪᠥᠭᠡᠳ ᠡᠭᠦᠨ ᠢ᠋ ᠱᠣᠷᠣᠩ ᠳ᠋ᠤ᠌ ᠬᠣᠷᠢᠭᠳᠠᠵᠤ ᠪᠠᠢᠭᠰᠠᠨ ᠮᠡᠷᠭᠡᠵᠢᠯ ᠦ᠋ᠨ ᠵᠣᠬᠢᠶᠠᠯᠴᠢ ᠷᠦᠰᠲ᠋ᠢᠴᠧᠷᠣ ᠳᠠ ᠫᠢᠰᠠ ᠪᠢᠴᠢᠵᠦ ᠦᠯᠡᠳᠡᠭᠡᠵᠡᠢ᠃ ᠭᠡᠪᠡᠴᠦ ᠫᠢᠰᠠ ᠡᠨᠳᠡ ᠳᠤᠷ᠎ᠠ ᠮᠡᠳᠡᠨ ᠥᠪᠡᠷ ᠦ᠋ᠨ ᠰᠣᠨᠣᠰᠤᠭᠰᠠᠨ ᠵᠦᠢᠯᠡᠰ᠂ ᠪᠤᠰᠤᠳ ᠠᠨᠧᠺᠳᠣᠲ᠂ ᠬᠢᠲᠠᠳ ᠡᠴᠡ ᠰᠣᠨᠣᠰᠤᠭᠰᠠᠨ ᠶᠠᠷᠢᠭ᠎ᠠ ᠶ᠋ᠢ ᠨᠡᠮᠡᠵᠦ ᠣᠷᠣᠭᠤᠯᠤᠭᠰᠠᠨ᠃ ᠡᠨᠡᠬᠦ ᠲᠡᠮᠳᠡᠭᠯᠡᠯ ᠨᠢ ᠮᠠᠷᠺᠣ ᠫᠣᠯᠣ ᠶ᠋ᠢᠨ ᠠᠽᠢᠶ᠎ᠠ ᠲᠢᠪ ᠲᠦ᠍ ᠬᠢᠭᠰᠡᠨ ᠠᠶᠠᠯᠠᠯ ᠤ᠋ᠨ ᠲᠡᠦᠬᠡ ᠪᠣᠯᠬᠤ ᠢᠯᠡ ᠮᠢᠯᠢᠨ ᠨᠡᠷ᠎ᠡ ᠪᠡᠷ ᠠᠯᠳᠠᠷᠰᠢᠭᠰᠠᠨ ᠪᠥᠭᠡᠳ ᠬᠢᠲᠠᠳ᠂ ᠡᠨᠡᠳᠬᠡᠭ᠂ ᠶᠠᠫᠣᠨ ᠵᠡᠷᠭᠡ ᠠᠯᠤᠰ ᠳᠣᠷᠣᠨᠠᠲᠤ ᠶ᠋ᠢᠨ ᠳᠣᠲᠣᠭᠠᠳᠤ ᠦᠢᠯᠡ ᠠᠵᠢᠯᠯᠠᠭ᠎ᠠ ᠶ᠋ᠢ ᠴᠣᠭᠴᠠ ᠪᠠᠷ ᠨᠢ ᠬᠠᠷᠠᠭᠤᠯᠤᠭᠰᠠᠨ ᠠᠩᠬᠠᠨ ᠤ᠋ ᠧᠦ᠋ᠷᠣᠫᠠ ᠬᠥᠮᠦᠨ ᠪᠠᠢᠪᠠ ᠃
ᠮᠠᠷᠺᠣ ᠫᠣᠯᠣ 1299 ᠣᠨ ᠤ᠋ 8 ᠳ᠋ᠤᠭᠠᠷ ᠰᠠᠷ᠎ᠠ ᠳ᠋ᠤ᠌ ᠰᠤᠯᠠᠯᠠᠭᠳᠠᠭᠰᠠᠨ ᠪᠥᠭᠡᠳ ᠸᠧᠨᠧᠼ ᠦ᠋ᠨ ᠲᠥᠪᠡᠳ ᠠᠪᠤ᠂ ᠠᠪᠠᠭ᠎ᠠ ᠠᠬ᠎ᠠ ᠬᠣᠶᠠᠷ ᠤ᠋ᠨ ᠢ᠋ᠶ᠋ᠠᠨ ᠬᠤᠳᠠᠯᠳᠤᠵᠤ ᠠᠪᠤᠭᠰᠠᠨ ᠲᠣᠮᠣ ᠬᠠᠷᠰᠢ ᠳ᠋ᠤ᠌ ᠪᠤᠴᠠᠵᠤ ᠢᠷᠡᠪᠡ᠃ ᠡᠨᠡ ᠪᠢᠽᠢᠨ᠋ᠧᠰ ᠦᠷᠭᠦᠯᠵᠢᠯᠡᠭᠦᠯᠦᠨ ᠠᠵᠢᠯᠯᠠᠵᠤ᠂ ᠮᠠᠷᠺᠣ ᠫᠣᠯᠣ ᠤᠳᠠᠯ ᠦᠭᠡᠢ ᠴᠢᠨᠡᠭᠡᠯᠢᠭ ᠬᠤᠳᠠᠯᠳᠤᠭᠠᠴᠢᠳ ᠤ᠋ᠨ ᠡᠩᠨᠡᠭᠡᠨ ᠳ᠋ᠦ᠍ ᠨᠢᠭᠡᠳᠦᠭᠰᠡᠨ᠃ ᠮᠠᠷᠺᠣ ᠫᠣᠯᠣ ᠬᠡᠳᠦᠢ ᠪᠡᠷ ᠡᠺᠰᠫᠧᠳᠢᠼ ᠢ᠋ ᠰᠠᠩᠬᠦᠵᠢᠭᠦᠯᠦᠭᠰᠡᠨ ᠴᠦ᠍ ᠸᠧᠨᠧᠼᠢ ᠶ᠋ᠢ ᠣᠷᠬᠢᠵᠤ ᠶᠠᠪᠤᠭᠰᠠᠨ ᠦᠭᠡᠢ᠃ 1300 ᠣᠨ ᠳ᠋ᠤ᠌ ᠮᠠᠷᠺᠣ ᠫᠣᠯᠣ ᠬᠤᠳᠠᠯᠳᠤᠭᠠᠴᠢᠨ ᠸᠢᠲ᠋ᠠᠯᠧ ᠪᠠᠳᠣᠧᠷ ᠦ᠋ᠨ ᠥᠬᠢᠨ ᠳ᠋ᠣᠨᠤᠲᠠ ᠪᠠᠳᠣᠧᠷ ᠲᠡᠢ ᠭᠡᠷᠯᠡᠵᠦ᠂ ᠹᠠᠨᠲ᠋ᠢᠨᠠ᠂ ᠪᠧᠯᠯᠧᠷᠠ᠂ ᠮᠣᠷᠧᠲ᠋ᠲ᠋ᠠ ᠬᠡᠮᠡᠬᠦ ᠭᠤᠷᠪᠠᠨ ᠥᠬᠢᠨ ᠲᠡᠢ ᠪᠣᠯᠵᠠᠢ᠃

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах