ᠮᠢᠨᠦ ᠪᠠᠭᠰᠢ -ᠠᠷᠲᠠᠢМиний багш- Артай
ᠮᠢᠨᠦ ᠪᠠᠭᠰᠢ
— ᠠᠷᠲᠠᠢ
ᠨᠠᠳᠠ ᠳ᠋ᠤ᠌ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ
ᠨᠠᠷᠠ ᠮᠢᠨᠦ ᠪᠠᠭᠰᠢ
ᠡᠭᠦᠯᠡ ᠴᠤᠭᠤᠯᠤᠭᠰᠠᠨ ᠠᠭᠤᠯᠠᠨ ᠳ᠋ᠤ᠌
ᠥᠯᠮᠡᠢ ᠰᠢᠪᠡᠭᠰᠡᠨ ᠡᠪᠡᠰᠦᠨ ᠳ᠋ᠦ᠍
ᠨᠠᠳᠠ ᠲᠠᠢ ᠠᠳᠠᠯᠢ ᠬᠠᠨᠳᠤ ᠭᠡᠵᠦ
ᠨᠠᠷᠠ ᠬᠡᠯᠡᠭᠰᠡᠨ
ᠪᠣᠭᠣᠨᠢ ᠪᠠᠢᠭᠰᠠᠨ ᠠ᠋ᠴᠠ ᠥᠨᠳᠥᠷ ᠰᠠᠶᠢ ᠪᠠᠢᠳᠠᠭ ᠶᠤᠮ
ᠪᠤᠭᠤᠷᠤᠯ ᠬᠣᠷᠸ᠎ᠠ ᠢᠩᠭᠢᠵᠦ ᠯᠡ ᠪᠦᠲᠦᠭᠰᠡᠨ ᠶᠦᠮ ᠭᠡᠵᠦ
ᠨᠠᠷᠠ ᠵᠢᠭᠠᠭᠰᠠᠨ
᠂
ᠠᠭᠤᠯᠠ ᠮᠢᠨᠦ ᠪᠠᠭᠰᠢ
ᠬᠣᠯᠠ ᠶ᠋ᠢ ᠬᠠᠷ᠎ᠠ ᠭᠡᠰᠡᠨ
ᠬᠣᠭᠣᠷᠣᠨᠳᠣ ᠪᠠᠨ ᠬᠣᠯᠪᠣᠯᠳᠤ ᠭᠡᠰᠡᠨ
ᠭᠣᠷᠢ ᠪᠤᠤ ᠲᠠᠰᠤᠷᠠ ᠭᠡᠰᠡᠨ
ᠭᠤᠢᠪᠢᠵᠤ ᠨᠡᠩ ᠪᠣᠯᠬᠤ ᠦᠭᠡᠢ ᠭᠡᠰᠡᠨ
ᠠᠳᠬᠤ ᠰᠢᠷᠣᠢ ᠮᠥᠬᠥᠯᠢᠭ ᠴᠢᠯᠠᠭᠤᠨ ᠤ᠋ ᠬᠤᠷᠠᠮᠳᠤᠯ
ᠠᠭᠤᠤ ᠶᠡᠬᠡ ᠰᠦᠷ ᠬᠦᠴᠦᠨ ᠪᠣᠢ ᠭᠡᠰᠡᠨ
ᠭᠠᠯᠲᠤ ᠠᠭᠤᠯᠠ ᠨᠡᠩ ᠬᠡᠴᠡᠭᠦᠦ ᠪᠠᠭᠰᠢ ᠠ᠋
ᠭᠠᠭᠴᠠᠬᠠᠨ ᠤᠳᠠᠭ᠎ᠠ ᠬᠢᠴᠢᠶᠡᠯ ᠣᠷᠣᠪᠠᠴᠤ ᠮᠠᠷᠲᠠᠭᠳᠠᠬᠤ ᠦᠭᠡᠢ
᠂
ᠨᠠᠳᠠ ᠳ᠋ᠤ᠌ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ
ᠮᠢᠨᠦ ᠥᠰᠦᠭᠰᠡᠨ ᠰᠠᠷᠠᠭᠤᠯ ᠲᠠᠯ᠎ᠠ
ᠮᠢᠨᠦ ᠲᠠᠨᠢᠭᠰᠠᠨ ᠠᠩᠬᠠᠨ ᠤ᠋ ᠪᠠᠭᠰᠢ
ᠠᠭᠤᠳᠠᠮ᠂ ᠰᠠᠷᠠᠭᠤᠯ ᠭᠡᠰᠡᠨ ᠬᠣᠶᠠᠷ ᠦᠰᠦᠭ ᠢ᠋
ᠲᠡᠷᠡ ᠬᠠᠮᠤᠭ ᠤ᠋ᠨ ᠤᠷᠢᠳᠠᠪᠡᠷ ᠨᠠᠳᠠ ᠳ᠋ᠤ᠌ ᠵᠢᠭᠠᠭᠰᠠᠨ
ᠥᠭᠭᠢᠶᠡᠮᠦᠷ ᠭᠡᠵᠦ ᠳᠠᠷᠠᠭ᠎ᠠ ᠨᠢ ᠵᠢᠭᠠᠭᠰᠠᠨ
ᠥᠴᠥᠭᠡᠳᠦᠷ ᠲᠡᠰᠪᠦᠷᠢ ᠲᠡᠪᠴᠢᠶᠡᠷᠢ ᠭᠡᠵᠦ ᠵᠢᠭᠠᠭᠰᠠᠨ
ᠥᠨᠥᠳᠥᠷ ᠡᠬᠡ ᠣᠷᠣᠨ ᠭᠡᠵᠦ ᠵᠢᠭᠠᠯ᠎ᠠ
ᠮᠠᠷᠭᠠᠰᠢ ᠬᠦᠦ ᠳ᠋ᠦ᠍ ᠪᠡᠨ ᠮᠣᠩᠭᠣᠯ ᠬᠥᠮᠦᠨ ᠭᠡᠵᠦ ᠵᠢᠭᠠᠨ᠎ᠠ ᠭᠡᠵᠦ
ᠮᠠᠨ ᠤ᠋ ᠪᠠᠭᠰᠢ ᠰᠠᠶᠢᠬᠠᠨ ᠬᠡᠯᠡᠯ᠎ᠡ
᠂
ᠦᠬᠡᠷ ᠲᠡᠷᠭᠡ ᠮᠢᠨᠦ ᠪᠠᠭᠰᠢ
ᠡᠮᠦᠨ᠎ᠡ ᠠᠢᠯ ᠠ᠋ᠴᠠ ᠭᠠᠷᠤᠭᠠᠳ
ᠥᠨᠵᠢᠭᠡᠳ᠂ ᠳᠥᠩᠭᠡᠭᠡᠳ
ᠥᠷᠲᠡᠭᠡ ᠣᠷᠣᠬᠤ ᠪᠠᠷ ᠶᠠᠪᠤᠵᠤ ᠪᠠᠢᠭ᠎ᠠ
ᠦᠬᠡᠷ ᠲᠡᠷᠭᠡ ᠮᠢᠨᠦ ᠪᠠᠭᠰᠢ
ᠬᠣᠷᠢᠳᠤᠭᠠᠷ ᠵᠠᠭᠤᠨ ᠲᠡᠭᠦᠰᠬᠦ ᠰᠢᠬᠠᠯ᠎ᠠ ᠭᠡᠵᠦ
ᠬᠣᠶᠠᠷ ᠬᠦᠷᠳᠦ ᠨᠢ ᠲᠠᠯ᠎ᠠ ᠳᠡᠭᠡᠷ᠎ᠡ
ᠬᠣᠶᠠᠷ ᠡᠪᠡᠷ ᠨᠢ ᠲᠩᠷᠢ ᠳᠡᠭᠡᠷ᠎ᠡ ᠪᠢᠴᠢᠭᠰᠡᠭᠡᠷ ᠶᠠᠪᠤᠭ᠎ᠠ
ᠦᠬᠡᠷ ᠲᠡᠷᠭᠡ ᠮᠢᠨᠦ ᠪᠠᠭᠰᠢ
ᠥᠭᠭᠦᠭᠰᠡᠨ ᠳᠠᠰᠬᠠᠯ ᠨᠢ ᠦᠵᠦᠭᠦᠷ ᠦᠭᠡᠢ ᠶᠡᠬᠡ
ᠦᠬᠡᠷ ᠲᠡᠷᠭᠡ ᠮᠢᠨᠦ ᠪᠠᠭᠰᠢ
᠂
ᠨᠠᠳᠠ ᠳ᠋ᠤ᠌ ᠣᠯᠠᠨ ᠪᠠᠭᠰᠢ ᠲᠠᠢ
ᠪᠠᠭᠰᠢ ᠲᠠᠢ ᠬᠥᠮᠦᠨ ᠰᠠᠢᠬᠠᠨ
ᠲᠣᠭᠣᠭ᠎ᠠ ᠳᠦᠭᠦᠷᠭᠡᠳᠡᠭ ᠲᠣᠭᠣᠳᠠᠭ ᠮᠢᠨᠦ ᠪᠠᠭᠰᠢ
ᠲᠣᠩᠭᠣᠢᠴᠢᠬᠠᠳᠠᠭ ᠦᠮᠡᠬᠡᠢ ᠬᠣᠷᠣᠬᠠᠢ ᠴᠣ ᠮᠢᠨᠦ ᠪᠠᠭᠰᠢ
ᠣᠯᠠᠨ ᠬᠡᠦᠬᠡᠳ ᠲᠡᠢ ᠠᠢᠯ ᠤ᠋ᠨ ᠬᠣᠨᠢᠨ ᠤ᠋ ᠮᠣᠷᠢ ᠮᠢᠨᠦ ᠪᠠᠭᠰᠢ
ᠣᠯᠠᠨ ᠪᠡᠷᠢ ᠲᠡᠢ ᠠᠢᠯ ᠤ᠋ᠨ ᠭᠠᠤᠯᠢᠨ ᠰᠢᠨᠠᠭ᠎ᠠ ᠴᠣ ᠮᠢᠨᠦ ᠪᠠᠭᠰᠢ
ᠬᠡᠦᠬᠡᠳ ᠦ᠋ᠨ ᠬᠥᠭᠡᠷᠦᠬᠦᠨ ᠬᠠᠷ᠎ᠠ ᠨᠢᠳᠦ ᠮᠢᠨᠦ ᠪᠠᠭᠰᠢ
ᠬᠥᠭᠰᠢᠳ ᠦ᠋ᠨ ᠨᠢᠯᠪᠤᠰᠤ ᠲᠠᠢ ᠣᠨᠢᠭᠠᠷ ᠨᠢᠳᠦ ᠴᠣ ᠮᠢᠨᠦ ᠪᠠᠭᠰᠢ
ᠲᠡᠷᠡ ᠲᠠᠯᠪᠢᠭᠠᠰᠤᠲᠠᠢ ᠬᠢᠲᠤᠭᠠᠨ ᠤ᠋ ᠢᠷ ᠮᠢᠨᠦ ᠪᠠᠭᠰᠢ
ᠲᠡᠭᠡᠬᠦ ᠳ᠋ᠦ᠍ ᠪᠡᠨ ᠬᠤᠨ ᠭᠠᠯᠠᠭᠤᠨ ᠤ᠋ ᠨᠣᠯᠤᠤᠷ ᠴᠣ ᠮᠢᠨᠦ ᠪᠠᠭᠰᠢ
᠂
ᠪᠢ ᠣᠯᠠᠨ ᠪᠠᠭᠰᠢ ᠲᠠᠢ ᠬᠥᠮᠦᠨ
ᠪᠠᠭᠰᠢ ᠲᠠᠢ ᠬᠥᠮᠦᠨ ᠰᠠᠢᠬᠠᠨ
ᠪᠠᠷᠠᠬᠤ ᠦᠭᠡᠢ ᠴᠢᠳᠠᠬᠤ ᠦᠭᠡᠢ ᠬᠣᠷᠸ᠎ᠠ ᠳ᠋ᠤ᠌
ᠪᠠᠭᠰᠢ ᠲᠠᠢ ᠬᠥᠮᠦᠨ ᠯᠡ ᠰᠠᠢᠬᠠᠨ !
ᠤᠶᠠᠩᠭᠠᠯᠠᠭᠴᠢ᠄ ᠭᠠᠪᠢᠷ᠎ᠠ
ᠦᠰᠦᠭ ᠠᠮᠢᠯᠠᠭᠤᠯᠤᠭᠴᠢ᠄ ᠪᠣᠷᠵᠢᠭᠢᠨ· ᠰᠡᠴᠡᠨᠬᠦᠦ
ᠦᠰᠦᠭ ᠬᠠᠳᠠᠭᠴᠢ᠄ ᠪᠣᠷᠵᠢᠭᠢᠨ· ᠰᠡᠴᠡᠨᠬᠦᠦ
ᠬᠢᠨᠠᠭᠴᠢ᠄ ᠪᠤᠤ᠂ ᠰᠠᠷᠠᠨ᠎ᠠ
