ᠤᠨᠠᠭᠠᠨ ᠰᠢᠭᠢᠷ᠎ᠡУнаган шийрUnagan shiir
ᠤᠨᠠᠭᠠᠨ ᠰᠢᠭᠢᠷ᠎ᠡ
ᠲᠤᠰ ᠡᠮ ᠪᠣᠯ ᠬᠥᠭᠡᠨ᠎ᠡ ᠶ᠋ᠢᠨ ᠢᠵᠠᠭᠤᠷ ᠤ᠋ᠨ ᠤᠷᠭᠤᠮᠠᠯ ᠪᠣᠯᠬᠤ ᠤᠨᠠᠭᠠᠨ ᠰᠢᠭᠢᠷ᠎ᠡ᠂ ᠤᠮᠠᠷᠠᠲᠤ ᠶ᠋ᠢᠨ ᠤᠨᠠᠭᠠᠨ ᠰᠢᠭᠢᠷ᠎ᠡ ᠪᠠ ᠳᠡᠯᠭᠡᠮᠡᠯ ᠤᠨᠠᠭᠠᠨ ᠰᠢᠭᠢᠷ᠎ᠡ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠤᠨᠠᠭᠠᠨ ᠲᠤᠭᠤᠷᠠᠢ᠂ ᠤᠨᠠᠭᠠᠨ ᠳᠣᠷᠣᠭᠣ᠂ ᠬᠠᠷ᠎ᠠ ᠮᠢᠩᠵᠠᠨ ᠭᠡᠳᠡᠭ᠃
[ ᠤᠤᠯ ᠤᠷᠭᠤᠮᠠᠯ] 1 ᠤᠨᠠᠭᠠᠨ ᠰᠢᠭᠢᠷ᠎ᠡ ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠃ ᠢᠮᠡᠷᠬᠦ ᠳ᠋ᠦ᠍ ᠭᠤᠱᠤᠭᠤᠨ ᠠᠩᠬᠢᠯᠤᠮ᠎ᠠ ᠦᠨᠦᠷ ᠭᠠᠷᠤᠨ᠎ᠠ᠃ ᠡᠰᠢ ᠨᠢ ᠣᠬᠣᠷ᠃ ᠶᠡᠷᠦ ᠳ᠋ᠡᠭᠡᠨ2 ᠨᠠᠪᠴᠢ ᠲᠠᠢ᠂ ᠤᠵᠠᠭᠤᠷ ᠠ᠋ᠴᠠ ᠪᠠᠨ ᠤᠷᠭᠤᠨ᠎ᠠ᠂ ᠨᠠᠪᠴᠢᠨ ᠢᠯᠲᠠᠰᠤ ᠨᠢ ᠥᠨᠳᠡᠭᠡᠯᠵᠢᠨ ᠵᠢᠷᠦᠬᠡᠨ ᠬᠡᠯᠪᠡᠷᠢ ᠲᠡᠢ ᠪᠤᠶᠤ ᠪᠥᠭᠡᠷᠡᠯᠢᠭ ᠬᠡᠯᠪᠡᠷᠢ ᠲᠡᠢ᠂ ᠴᠡᠴᠡᠭ ᠨᠢ ᠭᠠᠭᠴᠠᠭᠠᠷ ᠨᠠᠪᠴᠢᠨ ᠰᠤᠭᠤ ᠳ᠋ᠤ᠌ ᠳᠡᠯᠭᠡᠷᠡᠨ᠎ᠡ᠃ ᠴᠡᠴᠡᠭ ᠦ᠋ᠨ ᠰᠢᠳᠠᠷ ᠨᠢ ᠪᠣᠷᠣᠪᠲᠤᠷ ᠬᠦᠷᠡᠩ᠂ ᠳᠣᠲᠣᠷ᠎ᠠ ᠨᠢ ᠭᠦᠷᠪᠡᠢᠭᠰᠡᠨ ᠢᠷᠮᠡᠭ ᠲᠡᠢ᠂3 ᠰᠡᠵᠢᠭᠦᠷ ᠢᠯᠲᠠᠰᠤ ᠲᠠᠢ᠃12 ᠡᠷ᠎ᠡ ᠲᠣᠭᠣᠷᠴᠣᠭ ᠲᠠᠢ᠂ ᠬᠠᠭᠠᠰ ᠳᠣᠣᠷ᠎ᠠ ᠣᠷᠣᠨᠲᠤ ᠤᠮᠠᠢ ᠲᠠᠢ᠂ ᠴᠡᠴᠡᠭ ᠦ᠋ᠨ ᠪᠠᠭᠠᠨ᠎ᠠ ᠨᠢ6᠂ ᠠᠴᠠ ᠰᠢᠭ᠋ ᠣᠨᠢ ᠲᠠᠢ᠃ ᠬᠣᠩᠭᠣᠷᠴᠣᠭᠲᠤ ᠵᠢᠮᠢᠰ ᠨᠢ ᠰᠢᠭᠦᠰᠦᠯᠢᠭ᠃ ᠵᠤᠤᠪᠠᠩᠯᠢᠭ ᠣᠩᠭᠣᠴᠠ ᠰᠢᠭ᠋ ᠦᠷ᠎ᠡ ᠲᠡᠢ᠃5 ᠳ᠋ᠤᠭᠠᠷ ᠰᠠᠷ᠎ᠠ ᠳ᠋ᠤ᠌ ᠴᠡᠴᠡᠭᠯᠡᠵᠦ᠂6 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2 ᠤᠮᠠᠷᠠᠲᠤ ᠶ᠋ᠢᠨ ᠤᠨᠠᠭᠠᠨ ᠰᠢᠭᠢᠷ᠎ᠡ ᠤᠨᠠᠭᠠᠨ ᠰᠢᠭᠢᠷ᠎ᠡ ᠲᠡᠢ ᠮᠠᠰᠢ ᠲᠥᠰᠦᠭᠡᠲᠡᠢ᠃ ᠭᠡᠪᠡᠴᠦ ᠦᠨᠳᠦᠰᠦᠯᠢᠭ ᠡᠰᠢ ᠨᠢ ᠨᠡᠯᠢᠶᠡᠳ ᠤᠷᠲᠤ᠂ ᠦᠶ᠎ᠡ ᠶ᠋ᠢᠨ ᠵᠠᠢ ᠨᠢ ᠢᠬᠴᠤ᠃ ᠨᠠᠪᠴᠢᠨ ᠢᠯᠲᠠᠰᠤ ᠶ᠋ᠢᠨ ᠦᠵᠦᠭᠦᠷ ᠨᠢ ᠱᠣᠪᠬᠣ ᠪᠤᠶᠤ ᠬᠤᠷᠴᠠ ᠱᠣᠪᠬᠣ᠂ ᠴᠡᠴᠡᠭ ᠦ᠋ᠨ ᠰᠢᠳᠠᠷ ᠤ᠋ᠨ ᠢᠯᠲᠠᠰᠤ ᠨᠢ ᠰᠢᠯᠤᠭᠤᠨ ᠪᠤᠶᠤ ᠲᠡᠭᠰᠢ ᠰᠠᠷᠪᠠᠭᠠᠷ᠂ ᠨᠤᠭᠤᠷᠠᠬᠤ ᠦᠭᠡᠢ᠃
2 ᠳᠡᠯᠭᠡᠮᠡᠯ ᠤᠨᠠᠭᠠᠨ ᠰᠢᠭᠢᠷ᠎ᠡ ᠤᠨᠠᠭᠠᠨ ᠰᠢᠭᠢᠷ᠎ᠡ ᠲᠡᠢ ᠮᠠᠰᠢ ᠲᠥᠰᠦᠭᠡᠲᠡᠢ᠃ ᠢᠯᠭᠠᠯ ᠨᠢ ᠨᠠᠪᠴᠢᠨ ᠪᠠᠷᠢᠭᠤᠯ ᠳᠡᠭᠡᠷ᠎ᠡ ᠨᠢ ᠦᠰᠦ ᠲᠡᠢ᠂ ᠨᠠᠪᠴᠢᠨ ᠠᠷᠤ ᠳ᠋ᠤᠨᠢ ᠶᠡᠷᠦ ᠳ᠋ᠡᠭᠡᠨ ᠢᠬᠴᠤ ᠪᠦᠷᠬᠦᠭᠰᠡᠨ ᠨᠡᠯᠢᠶᠡᠳ ᠤᠷᠲᠤ ᠦᠰᠦ ᠲᠡᠢ᠃
[ ᠤᠷᠭᠤᠬᠤ ᠣᠷᠴᠢᠨ ᠬᠢᠭᠡᠳ ᠲᠠᠷᠬᠠᠴᠠ] ᠤᠨᠠᠭᠠᠨ ᠰᠢᠭᠢᠷ᠎ᠡ ᠪᠣᠯ ᠣᠢ ᠶ᠋ᠢᠨ ᠳᠣᠣᠷᠠᠬᠢ ᠴᠢᠭᠢᠭᠯᠢᠭ ᠰᠡᠭᠦᠳᠡᠷ ᠭᠠᠵᠠᠷ᠂ ᠠᠭᠤᠯᠠᠨ ᠭᠣᠣ ᠶ᠋ᠢᠨ ᠢᠯᠵᠠᠮᠠᠭ ᠴᠢᠭᠢᠭᠯᠢᠭ ᠬᠥᠷᠥᠰᠥᠨ ᠳ᠋ᠦ᠍ ᠤᠷᠭᠤᠨ᠎ᠠ᠃ ᠵᠡᠭᠦᠨ ᠬᠣᠢᠲᠤ ᠣᠷᠣᠨ ᠪᠣᠯᠤᠨ ᠱᠠᠨᠳᠦ᠋ᠩ᠂ ᠱᠠᠨ ᠰᠢ᠂ ᠾᠧᠨᠠᠨ ᠳ᠋ᠤ᠌ ᠲᠠᠷᠬᠠᠴᠠ ᠲᠠᠢ᠃ ᠤᠮᠠᠷᠠᠲᠤ ᠶ᠋ᠢᠨ ᠤᠨᠠᠭᠠᠨ ᠰᠢᠭᠢᠷ᠎ᠡ ᠪᠣᠯ ᠠᠭᠤᠯᠠᠨ ᠭᠣᠣ᠂ ᠣᠢ ᠶ᠋ᠢᠨ ᠳᠣᠲᠣᠷᠠᠬᠢ ᠰᠡᠭᠦᠳᠡᠷ ᠴᠢᠭᠢᠭᠯᠢᠭ ᠣᠷᠴᠢᠨ ᠳ᠋ᠤ᠌ ᠤᠷᠭᠤᠨ᠎ᠠ᠃ ᠪᠦᠬᠦ ᠤᠯᠤᠰ ᠤ᠋ᠨ ᠣᠯᠠᠩᠬᠢ ᠭᠠᠵᠠᠷ ᠲᠤ ᠲᠠᠷᠬᠠᠴᠠ ᠲᠠᠢ᠃ ᠳᠡᠯᠭᠡᠮᠡᠯ ᠤᠨᠠᠭᠠᠨ ᠰᠢᠭᠢᠷ᠎ᠡ ᠪᠣᠯ ᠣᠢ ᠶ᠋ᠢᠨ ᠳᠣᠣᠷᠠᠬᠢ ᠰᠡᠭᠦᠳᠡᠷ ᠴᠢᠭᠢᠭᠯᠢᠭ ᠭᠠᠵᠠᠷ ᠪᠣᠯᠤᠨ ᠭᠣᠣ ᠶ᠋ᠢᠨ ᠭᠣᠣᠯ ᠤ᠋ᠨ ᠪᠤᠲᠠ ᠰᠥᠭᠡᠭ ᠳᠤᠮᠳᠠ ᠤᠷᠭᠤᠨ᠎ᠠ᠃ ᠬᠢᠷᠢᠨ᠂ ᠯᠢᠶᠣᠤᠨᠢᠩ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠵᠢᠮᠢᠰ ᠨᠢ ᠪᠣᠯᠪᠠᠰᠤᠷᠠᠬᠤ ᠦᠶ᠎ᠡ ᠳ᠋ᠦ᠍ ᠪᠦᠬᠦᠯᠢ ᠡᠪᠡᠰᠦ ᠶ᠋ᠢ ᠨᠢ ᠠᠪᠴᠤ᠂ ᠰᠢᠪᠡᠷ ᠰᠢᠷᠣᠢ ᠬᠢᠭᠡᠳ ᠬᠣᠯᠢᠮᠠᠭ ᠵᠦᠢᠯ ᠢ᠋ ᠨᠢ ᠠᠷᠢᠯᠭᠠᠭᠠᠳ᠂ ᠰᠠᠯᠬᠢ ᠨᠡᠪᠲᠡᠷᠡᠬᠦ ᠰᠡᠭᠦᠳᠡᠷ ᠲᠦ᠍ ᠳᠡᠯᠭᠡᠨ ᠬᠠᠲᠠᠭᠠᠨ᠎ᠠ᠃ ᠨᠠᠷᠠᠨ ᠳ᠋ᠤ᠌ ᠬᠠᠲᠠᠭᠠᠬᠤ ᠪᠤᠶᠤ ᠤᠬᠢᠶᠠᠵᠤ ᠪᠣᠯᠬᠤ ᠦᠭᠡᠢ᠃
[ ᠠᠮᠲᠠ᠂ ᠴᠢᠨᠠᠷ᠂ ᠡᠷᠳᠡᠮ] ᠬᠠᠰᠢᠭᠠᠳ ᠠᠮᠲᠠ ᠲᠠᠢ᠂ ᠰᠡᠷᠢᠭᠦᠨ ᠴᠢᠨᠠᠷ ᠲᠠᠢ᠂ ᠰᠢᠷᠦᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠯᠠᠭᠤᠨ ᠢ᠋ ᠠᠷᠢᠯᠭᠠᠬᠤ᠂ ᠬᠠᠳᠬᠤᠯᠭ᠎ᠠ ᠶ᠋ᠢ ᠳᠠᠷᠤᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠨᠢᠶᠠᠨ ᠬᠢᠵᠢᠭ᠂ ᠰᠠᠬᠤᠤ ᠪᠣᠭᠣᠮ᠎ᠠ᠂ ᠲᠠᠷᠢᠬᠢᠨ ᠬᠠᠳᠬᠤᠯᠭ᠎ᠠ᠂ ᠣᠬᠣᠷ ᠬᠠᠳᠬᠤᠯᠭ᠎ᠠ᠂ ᠬᠥᠬᠥᠨ ᠬᠠᠪᠤᠳᠠᠷ᠂ ᠰᠢᠳᠦ ᠡᠪᠡᠳᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄细幸 (北细幸) (华细幸) (汉城细幸)
ᠠᠩᠭ᠌ᠯᠢ ᠨᠡᠷ᠎ᠡ᠄ Asarum. [heterotropoides Fr. Schmidt. uar. mandshuricum (Maxim.) kiitag.] (Asarum sieboldi i MIq.) (Asarum sieboldi i Miq uar. seoulense NaKai)
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠣᠶᠤᠨᠴᠢᠮᠡᠭ
