ᠵᠢᠭᠠᠰᠤᠲᠠᠢ ᠰᠤᠮᠤᠨ ᠤ᠋ ᠪᠠᠶᠠᠨᠴᠠᠭᠠᠨ ᠠᠭᠤᠯᠠᠨ ᠤ᠋ ᠰᠠᠩ ᠲᠠᠬᠢᠯᠭ᠎ᠠЗагастай сумны баянцагаан уулны сан тахилга ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠭᠠᠰᠤᠲᠠᠢ ᠰᠤᠮᠤᠨ ᠤ᠋ ᠪᠠᠶᠠᠨᠴᠠᠭᠠᠨ ᠠᠭᠤᠯᠠᠨ ᠤ᠋ ᠰᠠᠩ ᠲᠠᠬᠢᠯᠭ᠎ᠠЗагастай сумны баянцагаан уулны сан тахилга

ᠵᠢᠭᠠᠰᠤᠲᠠᠢ ᠰᠤᠮᠤᠨ ᠤ᠋ ᠪᠠᠶᠠᠨᠴᠠᠭᠠᠨ ᠠᠭᠤᠯᠠᠨ ᠤ᠋ ᠰᠠᠩ ᠲᠠᠬᠢᠯᠭ᠎ᠠЗагастай сумны баянцагаан уулны сан тахилга

ᠠᠩᠭᠢᠯᠠᠯ:ᠵᠠᠩ ᠦᠢᠯᠡ
2025-06-13

983

ᠵᠢᠭᠠᠰᠤᠲᠠᠢ ᠰᠤᠮᠤᠨ ᠤ᠋ ᠪᠠᠶᠠᠨᠴᠠᠭᠠᠨ ᠠᠭᠤᠯᠠᠨ ᠤ᠋ ᠰᠠᠩ ᠲᠠᠬᠢᠯᠭ᠎ᠠ

 

  ᠬᠠᠮᠤᠭ ᠬᠦᠰᠡᠯ ᠊ᠢ ᠬᠠᠩᠭᠠᠬᠤ ᠴᠢᠨᠳᠠᠮᠤᠨᠢ 
   ᠬᠠᠢᠯᠠᠭᠴᠢ᠄ ᠣᠳᠬᠤᠨᠪᠠᠶᠠᠷ 
ᠵᠧ!
ᠮᠡᠳᠡᠭᠳᠡᠬᠦᠨ ᠢ᠋ ᠨᠡᠪᠲᠡᠷᠡᠭᠰᠡᠨ 
ᠮᠡᠷᠭᠡᠨ ᠪᠠᠭᠰᠢ ᠨᠠᠷ ᠰᠠᠭᠠᠳᠠ 
ᠰᠢᠳᠢ ᠶ᠋ᠢᠨ ᠬᠤᠷ᠎ᠠ ᠶ᠋ᠢ ᠪᠠᠭᠤᠯᠭᠠᠭᠴᠢ 
ᠱᠠᠮᠪᠠᠯ ᠤ᠋ᠨ ᠢᠳᠠᠮ ᠰᠠᠭᠠᠲᠠ!
ᠪᠤᠶᠠᠨ ᠪᠢᠯᠢᠭ ᠢ᠋ ᠲᠡᠭᠦᠰᠬᠡᠭᠰᠡᠨ 
ᠪᠣᠷᠠᠬᠤᠨ ᠨᠠᠷ ᠰᠠᠭᠠᠲᠠ 
ᠡᠨᠡᠷᠢᠯ ᠬᠠᠢᠷ᠎ᠠ ᠶ᠋ᠢᠨ ᠰᠠᠩ 
ᠡᠷᠬᠢᠮ ᠪᠣᠳᠢᠰᠠᠳ᠋ᠸ᠎ᠠ ᠰᠠᠭᠠᠳᠠ! 
ᠡᠭᠦᠯᠡ ᠬᠥᠯᠭᠡᠯᠡᠨ ᠮᠣᠷᠢᠯᠠᠭᠴᠢ 
ᠡᠷᠡᠯᠬᠡᠭ ᠳ᠋ᠠᠭᠢᠨᠢ ᠰᠠᠭᠠᠲᠠ 
ᠡᠭᠡᠳᠡᠷᠡᠭᠡᠨ ᠪᠠᠷᠴᠢᠳ ᠢ᠋ ᠠᠷᠢᠯᠭᠠᠬᠤ 
ᠡᠷᠳᠡᠨᠢ ᠰᠠᠬᠢᠭᠤᠰᠤ ᠰᠠᠭᠠᠳᠠ!
ᠪᠠᠶᠠᠨᠴᠠᠭᠠᠨ ᠶᠡᠬᠡ ᠠᠭᠤᠯᠠᠨ ᠤ᠋
ᠪᠠᠭᠠᠲᠤᠷ ᠬᠦᠴᠦ ᠰᠢᠪᠳᠠᠭ ᠢ᠋
ᠡᠨᠳᠡ ᠤᠷᠢᠨ ᠵᠠᠯᠠᠮᠤ ᠪᠢᠳᠡ
ᠡᠨᠡᠷᠢᠯ ᠢ᠋ᠶ᠋ᠡᠨ ᠭᠠᠷᠭᠠᠵᠤ ᠰᠠᠭᠠᠳᠠ!
ᠲᠤᠩᠭᠠᠯᠠᠭ ᠮᠡᠯᠮᠡᠢ ᠪᠠᠶᠠᠰᠬᠠᠬᠤ
ᠲᠣᠯᠢ ᠲᠡᠷᠢᠭᠦᠲᠡᠨ ᠢ᠋ ᠡᠷᠭᠦᠮᠦ
ᠲᠤᠩ ᠵᠥᠭᠡᠯᠡᠨ ᠬᠤᠷ᠎ᠠ ᠶ᠋ᠢ
ᠲᠦᠷᠭᠡᠨ ᠡᠨᠳᠡ ᠪᠠᠭᠤᠯᠭ᠎ᠠ!
ᠰᠣᠨᠣᠷ ᠤ᠋ᠨ ᠭᠡᠭᠡᠨ ᠪᠠᠶᠠᠰᠬᠠᠬᠤ
ᠴᠠᠩ ᠬᠡᠩᠭᠡᠷᠭᠡ ᠳᠠᠭᠤᠷᠢᠰᠬᠠᠮᠤ
ᠰᠣᠷᠭᠣᠭ ᠨᠡᠮᠡᠭᠦᠨ ᠵᠦᠯᠭᠡ ᠶ᠋ᠢ
ᠴᠡᠯᠭᠡᠷᠡᠵᠦ ᠡᠨᠳᠡ ᠣᠷᠭᠣᠭᠤᠯ᠃
ᠬᠠᠮᠠᠷ ᠤ᠋ᠨ ᠭᠡᠭᠡᠨ ᠪᠠᠶᠠᠰᠬᠠᠬᠤ
ᠠᠭᠢ ᠤᠳᠤᠯᠭ᠎ᠠ ᠤᠩᠭᠠᠰᠠᠭᠠᠮᠤ  
ᠬᠠᠪᠤ ᠴᠡᠩᠭᠡᠯ ᠵᠢᠷᠭᠠᠯᠠᠩ ᠢ᠋
ᠠᠪᠴᠢᠷᠠᠵᠤ ᠮᠠᠨ ᠳ᠋ᠤ᠌ ᠬᠠᠢᠷᠠᠯᠠ!
ᠬᠡᠯᠡᠨ ᠭᠡᠭᠡᠨ ᠪᠠᠶᠠᠰᠬᠠᠬᠤ
ᠵᠠᠭᠤᠨ ᠠᠮᠲᠠ ᠶ᠋ᠢ ᠡᠷᠭᠦᠮᠦ
ᠬᠡᠷᠡᠭᠦᠯ ᠡᠭᠡᠳᠡᠷᠡᠭᠡᠨ ᠪᠠᠷᠴᠢᠳ ᠢ᠋
ᠵᠠᠮᠬᠠᠷᠠᠵᠤ ᠠᠭᠠᠷ ᠲᠤ᠌ ᠰᠠᠷᠨᠢᠭᠤᠯ᠃
ᠪᠡᠶ᠎ᠡ ᠶ᠋ᠢᠨ ᠭᠡᠭᠡᠨ ᠪᠠᠶᠠᠰᠬᠠᠬᠤ
ᠲᠣᠷᠭᠠᠨ ᠬᠠᠳᠠᠭ ᠢ᠋ ᠡᠷᠭᠦᠮᠦ
ᠪᠠᠶᠠᠷ ᠵᠢᠷᠭᠠᠯ ᠤ᠋ᠨ ᠬᠥᠮᠥᠷᠭᠡ ᠶ᠋ᠢ
ᠲᠣᠮᠤᠵᠢᠭᠤᠯᠵᠦ ᠳᠦᠭᠦᠷᠭᠡᠬᠦ ᠪᠣᠯᠲᠤᠭᠠᠢ ᠃
ᠠᠳᠤᠭᠤ ᠮᠠᠯ ᠤ᠋ᠨ ᠬᠡᠰᠢᠭ
ᠠᠷᠪᠢᠵᠢᠵᠤ ᠨᠠᠰᠢ ᠪᠠᠨ ᠬᠤᠷᠤᠢ
ᠡᠳ᠋ ᠮᠥᠩᠭᠥᠨ ᠦ᠌ ᠬᠡᠰᠢᠭ
ᠡᠯᠪᠡᠭᠵᠢᠵᠦ ᠡᠨᠳᠡ ᠬᠤᠷᠤᠢ᠃
ᠤᠰᠤᠯᠢᠭ ᠬᠤᠷ᠎ᠠ ᠶ᠋ᠢᠨ ᠬᠡᠰᠢᠭ
ᠣᠨᠳᠣᠷᠴᠤ ᠨᠠᠰᠢ ᠪᠠᠨ ᠬᠤᠷᠤᠢ
ᠤᠨᠠᠯᠲᠠᠲᠦ ᠲᠠᠷᠢᠶᠠᠨ ᠤ᠋ ᠬᠡᠰᠢᠭ
ᠤᠷᠤᠰᠴᠤ ᠡᠨᠳᠡ ᠬᠤᠷᠤᠢ ᠬᠤᠷᠤᠢ᠃
ᠬᠦᠦ ᠬᠡᠦᠬᠡᠨ ᠦ᠌ ᠬᠡᠰᠢᠭ ᠢ᠋
ᠬᠦᠷᠭᠡᠵᠦ ᠡᠨᠳᠡ ᠰᠣᠶᠣᠷᠬ᠎ᠠ
ᠬᠥᠩᠭᠡᠨ ᠮᠠᠰᠢᠨ ᠤ᠋ ᠬᠡᠰᠢᠭ
ᠬᠦᠷᠴᠢᠭᠢᠨᠡᠵᠦ ᠨᠡᠰᠢ ᠪᠡᠨ ᠬᠤᠷᠳᠤᠨ᠃
ᠡᠷᠳᠡᠮ ᠮᠡᠳᠡᠯᠭᠡ ᠶ᠋ᠢᠨ ᠬᠡᠰᠢᠭ
ᠡᠷᠭᠢᠵᠦ ᠨᠠᠰᠢ ᠪᠠᠨ ᠬᠤᠷᠤᠢ
ᠡᠩᠬᠡ ᠮᠡᠨᠳᠦ ᠶ᠋ᠢᠨ ᠬᠡᠰᠢᠭ
ᠡᠭᠦᠷᠢᠳᠡ ᠡᠨᠳᠡ ᠣᠷᠣᠰᠢ ᠠ᠋!
ᠡᠶ᠎ᠡ ᠵᠣᠬᠢᠴᠠᠯ ᠤ᠋ᠨ ᠬᠡᠰᠢᠭ
ᠡᠨᠳᠡ ᠨᠠᠰᠢ ᠪᠠᠨ ᠬᠤᠷᠤᠢ
ᠡᠯᠪᠡᠷᠢᠯ ᠵᠢᠷᠤᠮ ᠤ᠋ᠨ ᠴᠢᠨᠳᠠᠮᠤᠨᠢ
ᠡᠨᠳᠡ ᠲᠡᠨᠳᠡ ᠦᠭᠡᠢ ᠭᠢᠯᠠᠯᠵᠠ!
ᠬᠦᠰᠡᠵᠦ ᠰᠠᠨᠠᠭᠰᠠᠨ ᠬᠡᠰᠢᠭ
ᠬᠤᠷᠳᠤᠨ ᠨᠠᠰᠢ ᠪᠠᠨ ᠬᠤᠷᠤᠢ
ᠬᠥᠭᠵᠢᠯ ᠪᠠᠳᠠᠷᠠᠯ ᠤ᠋ᠨ ᠬᠡᠰᠢᠭ
ᠬᠣᠷᠣᠮᠬᠠᠨ ᠵᠠᠭᠤᠷ᠎ᠠ ᠨᠠᠰᠢ ᠪᠠᠨ᠃
ᠳᠡᠯᠡᠬᠡᠢ ᠰᠠᠢᠬᠠᠨ ᠬᠡᠰᠢᠭ
ᠳᠡᠪᠢᠵᠦ ᠡᠨᠳᠡ ᠬᠤᠷᠤᠢ ᠬᠤᠷᠤᠢ
ᠤᠯᠤᠰ ᠰᠠᠢᠬᠠᠨ ᠬᠡᠰᠢᠭ
ᠤᠯᠠᠯᠵᠠᠵᠤ ᠨᠠᠰᠢ ᠪᠠᠨ ᠬᠤᠷᠤᠢ ᠬᠤᠷᠤᠢ
ᠣᠷᠣᠨ ᠰᠠᠢᠬᠠᠨ ᠬᠡᠰᠢᠭ
ᠣᠨᠴᠠ ᠬᠤᠷᠳᠤᠨ ᠬᠤᠷᠤᠢ ᠬᠤᠷᠤᠢ ᠃
ᠠᠢᠮᠠᠭ ᠰᠠᠢᠬᠠᠨ ᠬᠡᠰᠢᠭ
ᠠᠯᠠᠪᠬᠢᠨ ᠨᠡᠰᠢ ᠬᠤᠷᠤᠢ ᠬᠤᠷᠤᠢ
ᠬᠣᠲᠠ ᠰᠠᠢᠬᠠᠨ ᠬᠡᠰᠢᠭ
ᠬᠤᠢᠯᠠᠷᠠᠵᠤ ᠡᠨᠳᠡ ᠬᠤᠷᠤᠢ ᠬᠤᠷᠤᠢ ᠃
ᠬᠣᠰᠢᠭᠤ ᠰᠠᠢᠬᠠᠨ ᠬᠡᠰᠢᠭ
ᠬᠤᠷ᠎ᠠ ᠮᠡᠲᠦ ᠬᠤᠷᠤᠢ ᠬᠤᠷᠤᠢ
ᠰᠤᠮᠤ ᠰᠠᠢᠬᠠᠨ ᠬᠡᠰᠢᠭ
ᠰᠢᠷᠦᠭᠦᠨ ᠨᠡᠰᠢ ᠬᠤᠷᠤᠢ ᠬᠤᠷᠤᠢ
ᠭᠠᠴᠠᠭ᠎ᠠ ᠰᠠᠢᠬᠠᠨ ᠬᠡᠰᠢᠭ
ᠭᠠᠷ ᠤ᠋ᠨ ᠠᠶ᠎ᠠ ᠪᠠᠷ ᠬᠤᠷᠤᠢ
ᠡᠷᠳᠡᠮᠲᠦ ᠪᠠᠭᠰᠢ ᠢᠳᠠᠮ ᠪᠤᠷᠬᠠᠳ ᠤ᠋ᠨ
ᠡᠨᠡᠷᠢᠯ ᠦ᠋ᠨ ᠥᠯᠵᠡᠢ ᠣᠷᠣᠰᠢ
ᠡᠷᠳᠡᠨᠢ ᠪᠣᠳᠢᠰᠠᠳ᠋ᠸ᠎ᠠ ᠪᠠᠭᠠᠲᠤᠷᠴᠤᠳ ᠤ᠋ᠨ
ᠡᠯᠪᠡᠷᠢᠯ ᠦ᠋ᠨ ᠥᠯᠵᠡᠢ ᠣᠷᠣᠰᠢ!
ᠴᠠᠭᠠᠨ ᠨᠣᠭᠤᠭᠠ ᠳ᠋ᠠᠷᠢᠬᠢ ᠶ᠋ᠢᠨ
ᠰᠢᠳᠢ ᠶ᠋ᠢᠨ ᠥᠯᠵᠡᠢ ᠤᠷᠤᠰᠢ
ᠴᠢᠩᠭᠠᠷ ᠨᠠᠮᠰᠠᠷᠠᠢ ᠰᠠᠬᠢᠭᠤᠰᠤ ᠶ᠋ᠢᠨ
ᠴᠢᠳᠠᠯ ᠤ᠋ᠨ ᠥᠯᠵᠡᠢ ᠣᠷᠣᠰᠢ ᠃
ᠪᠠᠶᠠᠨᠴᠠᠭᠠᠨ ᠶᠡᠬᠡ ᠠᠭᠤᠯᠠᠨ ᠤ᠋
ᠪᠠᠭᠠᠲᠤᠷ ᠲᠣᠮᠣ ᠰᠠᠬᠢᠭᠤᠰᠤ ᠶ᠋ᠢᠨ
ᠪᠠᠶᠠᠨ ᠤ᠋ ᠥᠯᠵᠡᠢ ᠤᠷᠤᠰᠢ
ᠪᠢᠰᠠᠮᠠᠨ ᠤ᠋ ᠥᠯᠵᠡᠢ ᠣᠷᠣᠰᠢ!

ᠲᠣᠰ ᠰᠢᠯᠦᠭ ᠢ᠋ ᠢᠦᠢ ᠴᠢᠩ᠂ᠠᠯᠲᠠᠨᠱᠠᠭ᠎ᠠ ᠨᠠᠷ ᠤ᠋ᠨ ᠳᠤᠷᠠᠳᠤᠯᠭ᠎ᠠ ᠪᠠᠷ 
ᠲᠣᠩᠷᠤᠪᠵᠠᠮᠰᠤ ᠵᠣᠬᠢᠶᠠᠪᠠᠢ᠃
2022 ᠣᠨ ᠤ᠋ 6 ᠰᠠᠷ᠎ᠠ ᠶ᠋ᠢᠨ 4 ᠦ᠌ ᠡᠳᠦᠷ

 ᠦᠰᠦᠭ ᠠᠮᠢᠯᠠᠭᠤᠯᠤᠭᠰᠠᠨ ᠨᠢ᠄᠄ᠳᠡᠭᠰᠢᠮᠥ᠋ᠩᠬᠡ 
 ᠬᠢᠨᠠᠭᠰᠠᠨ ᠨᠢ᠄ ᠮᠤᠩᠭᠤᠯᠵᠠᠶᠠᠭ᠎ᠠ