ᠬᠤᠪᠢ ᠰᠠᠢᠲᠤ ᠶ᠋ᠢᠨ ᠰᠡᠳᠬᠢᠯ-ᠨᠠᠰᠤᠨᠴᠢᠮᠡᠭ Хувь сайтын сэтгэл-Насончимэг
ᠬᠤᠪᠢ ᠰᠠᠢᠲᠤ ᠶ᠋ᠢᠨ ᠰᠡᠳᠬᠢᠯ
ᠠᠷᠠᠳ ᠤ᠋ᠨ ᠳᠠᠭᠤᠤ
ᠦᠭᠡ᠂ ᠠᠶ᠎ᠠ᠄ ᠯᠤᠪᠰᠠᠩᠳᠠᠮᠪᠢᠵᠠᠯᠰᠠᠨ
ᠳᠠᠭᠤᠴᠢᠨ᠄ ᠨᠠᠰᠤᠨᠴᠢᠮᠡᠭ
ᠬᠤᠪᠢ ᠰᠠᠢᠲᠤ ᠶ᠋ᠢᠨ ᠰᠡᠳᠬᠢᠯ ᠨᠢ
ᠬᠤᠷᠠᠬᠤ ᠪᠤᠶᠠᠨ ᠤ᠋ ᠦᠨᠳᠦᠰᠦ᠂
ᠬᠣᠯᠠᠬᠢ ᠮᠠᠭᠤᠲᠤ ᠶ᠋ᠢᠨ ᠰᠡᠳᠬᠢᠯ ᠨᠢ
ᠬᠤᠳᠬᠤᠭᠤᠯᠬᠤ ᠨᠢᠭᠦᠯ ᠤ᠋ᠨ ᠲᠦᠢᠪᠡᠭᠡᠨ᠃
ᠳᠠᠭᠤᠤ ᠰᠠᠢᠲᠤ ᠶ᠋ᠢᠨ ᠵᠣᠷᠢᠭ ᠨᠢ
ᠳᠤᠷᠠᠰᠢᠭᠤᠯᠬᠤ ᠤᠶᠠᠩᠭ᠎ᠠ᠂
ᠳᠤᠷ᠎ᠠ ᠮᠠᠭᠤᠲᠤ ᠶ᠋ᠢᠨ ᠪᠠᠢᠳᠠᠯ ᠨᠢ
ᠳᠣᠭᠰᠢᠷᠠᠭᠤᠯᠬᠤ ᠲᠤᠬᠢᠷᠤᠭᠠ᠃
ᠰᠠᠷᠠᠭᠤᠯ ᠰᠠᠢᠲᠤ ᠶ᠋ᠢᠨ ᠤᠬᠠᠭᠠᠨ ᠨᠢ
ᠰᠠᠢᠵᠢᠷᠠᠭᠤᠯᠬᠤ ᠠᠷᠠᠵᠠ᠂
ᠰᠠᠳᠤᠷ ᠮᠠᠭᠤᠰ ᠤ᠋ᠨ ᠤᠬᠠᠭᠠᠨ ᠨᠢ
ᠰᠠᠮᠠᠭᠤᠷᠠᠭᠤᠯᠬᠤ ᠬᠣᠣᠷᠠᠵᠠ᠃
ᠳᠡᠰ ᠦ᠋ᠨ ᠨᠢᠰᠬᠦ ᠭᠠᠵᠠᠷ ᠲᠤ᠌
ᠲᠠᠬᠢᠶ᠎ᠠ ᠶᠠᠭᠠᠬᠢᠨ ᠬᠦᠷᠬᠦ ᠪᠣᠢ᠂
ᠲᠠᠩᠰᠤᠭ ᠠᠷᠢᠭᠤᠨ ᠡᠷᠳᠡᠮᠲᠡᠨ ᠲᠡᠢ
ᠲᠠᠩᠬᠠᠢ ᠶᠠᠭᠠᠬᠢᠨ ᠲᠡᠩᠴᠡᠬᠦ ᠪᠣᠢ?
ᠡᠴᠢᠭᠡ ᠡᠬᠡ ᠠᠴᠢᠲᠠᠢ
ᠡᠵᠡᠨ ᠪᠠᠭᠰᠢ ᠶᠣᠰᠣᠲᠠᠢ᠂
ᠡᠨᠡ ᠪᠡᠶ᠎ᠡ ᠬᠡᠷᠡᠭ ᠲᠡᠢ
ᠡᠯᠪᠡᠷᠢᠯ ᠢ᠋ᠶ᠋ᠡᠷ ᠶᠠᠪᠤᠯᠲᠠᠢ᠃
ᠵᠤᠨ ᠤ᠋ ᠬᠤᠷ᠎ᠠ ᠶ᠋ᠢᠨ ᠬᠦᠴᠦᠨ ᠢ᠋ᠶ᠋ᠡᠷ
ᠵᠤᠲᠠᠷ ᠭᠠᠩ ᠢ᠋ ᠠᠷᠢᠯᠭᠠᠨ᠂
ᠵᠢᠷᠤᠮ ᠶᠣᠰᠣᠨ ᠤ᠋ ᠬᠦᠴᠦᠨ ᠢ᠋ᠶ᠋ᠡᠷ
ᠵᠣᠬᠢᠰ ᠵᠦᠢ ᠶ᠋ᠢ ᠰᠣᠷᠣᠯᠲᠠᠢ ᠃
ᠪᠦᠷᠢᠨ ᠲᠡᠭᠦᠰ ᠴᠡᠩᠭᠡᠯᠳᠦᠨ
ᠪᠦᠬᠦ ᠬᠦᠰᠡᠯ ᠬᠠᠨᠤᠮᠤᠢ᠂
ᠪᠦᠲᠦᠨ ᠰᠤᠷᠲᠠᠯ ᠵᠠᠰᠠᠷᠠᠨ
ᠪᠦᠲᠦᠮᠵᠢᠲᠡᠢ ᠪᠣᠯᠲᠤᠭᠠᠢ᠃
ᠦᠰᠦᠭ ᠠᠮᠢᠯᠠᠭᠤᠯᠤᠭᠴᠢ᠄ ᠨᠠᠰᠤᠨᠴᠢᠮᠡᠭ
ᠦᠰᠦᠭ ᠬᠠᠳᠠᠭᠴᠢ᠄ ᠨᠠᠰᠤᠨᠴᠢᠮᠡᠭ
ᠬᠢᠨᠠᠭᠴᠢ᠄ ᠣᠳᠬᠠᠨᠰᠣ᠎ᠠ
