ᠽᠠᠳᠢЗаадZaad
ᠽᠠᠳᠢ
ᠲᠤᠰ ᠡᠮ ᠪᠣᠯ ᠽᠠᠳᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠽᠠᠳᠢ ᠶ᠋ᠢᠨ ᠬᠠᠲᠠᠭᠠᠭᠰᠠᠨ ᠪᠣᠯᠪᠠᠰᠤᠷᠠᠮᠠᠯ ᠦᠷ᠎ᠡ ᠮᠥᠨ᠃ ᠪᠠᠰᠠ ᠨᠡᠮᠡ ᠭᠡᠳᠡᠭ᠃
[ ᠤᠤᠯ ᠤᠷᠭᠤᠮᠠᠯ] ᠮᠥᠩᠬᠡ ᠬᠥᠬᠡᠷᠡᠭᠴᠢ ᠲᠤᠷᠤᠭ ᠮᠣᠳᠣ᠃20m ᠥᠨᠳᠥᠷ᠂ ᠨᠠᠪᠴᠢ ᠨᠢ ᠴᠤᠪᠤᠷᠠᠨ᠎ᠠ᠂ ᠵᠣᠣᠪᠠᠩᠯᠢᠭ ᠬᠠᠪᠲᠠᠭᠠᠢ ᠲᠡᠪᠡᠨᠡ ᠪᠤᠶᠤ ᠤᠷᠲᠤᠯᠵᠢᠨ ᠲᠣᠭᠣᠷᠢᠭ ᠬᠠᠪᠲᠠᠭᠠᠢ ᠲᠡᠪᠡᠨᠡ ᠬᠡᠯᠪᠡᠷᠢ ᠲᠡᠢ᠂3~15cm ᠤᠷᠲᠤ᠂ ᠰᠠᠷᠢᠰᠤᠯᠢᠭ᠂ ᠰᠡᠭᠦᠯ ᠰᠢᠭ ᠦᠵᠦᠭᠦᠷ ᠲᠡᠢ᠂ ᠱᠣᠪᠬᠣ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠥᠪᠥᠷ ᠨᠢ ᠰᠢᠷᠠᠩᠭᠤᠢ ᠤᠯᠠᠪᠤᠷ ᠥᠩᠭᠡ ᠲᠡᠢ᠂ ᠠᠷᠤ ᠶ᠋ᠢᠨ ᠥᠩᠭᠡ ᠨᠢ ᠨᠡᠯᠢᠶᠡᠳ ᠭᠦᠨ ᠮᠥᠷᠲᠡᠭᠡᠨ ᠤᠯᠠᠪᠤᠷ ᠬᠦᠷᠡᠩ ᠨᠠᠪᠴᠢᠨ ᠰᠤᠳᠠᠰᠤ ᠲᠠᠢ᠂ ᠨᠠᠪᠴᠢᠨ ᠪᠠᠷᠢᠭᠤᠯ ᠨᠢ6~12mm ᠤᠷᠲᠤ᠃ ᠴᠡᠴᠡᠭ ᠨᠢ ᠣᠨᠳᠣᠣ ᠬᠡᠷᠲᠡᠢ᠃ ᠡᠷ᠎ᠡ ᠴᠡᠴᠡᠭ ᠦ᠋ᠨ ᠴᠠᠴᠤᠭ ᠬᠡᠯᠪᠡᠷᠢᠲᠦ ᠪᠠᠭ ᠴᠡᠴᠡᠭ ᠨᠢ2.5~5cm ᠤᠷᠲᠤ᠂ ᠵᠢᠵᠢᠭ ᠪᠠᠭᠯᠠᠭᠴᠢ ᠢᠯᠲᠠᠰᠤ ᠨᠢ ᠬᠠᠢᠷᠰᠤᠯᠢᠭ᠂ ᠴᠡᠴᠡᠭ ᠨᠢ ᠰᠡᠢᠷᠡᠭ᠂ ᠰᠢᠷᠠᠩᠭᠤᠢ ᠴᠠᠭᠠᠨ ᠥᠩᠭᠡ ᠲᠡᠢ᠂ ᠵᠤᠤᠪᠠᠩ ᠬᠡᠯᠪᠡᠷᠢ ᠲᠡᠢ ᠪᠤᠶᠤ ᠳᠡᠪᠦᠷ᠎ᠡ ᠬᠡᠯᠪᠡᠷᠢ ᠲᠡᠢ᠂6mm ᠤᠷᠲᠤ᠂ ᠤᠨᠵᠢᠢᠵᠤ ᠳᠡᠯᠭᠡᠷᠡᠨ᠎ᠡ᠃9~12 ᠲᠣᠭᠣᠰᠣᠪᠴᠢ ᠲᠠᠢ ᠪᠥᠭᠡᠳ ᠨᠡᠢᠯᠡᠭᠡᠳ ᠪᠥᠭᠡᠷᠡᠩᠬᠡᠢ ᠪᠠᠭᠠᠨᠠᠯᠢᠭ ᠪᠠᠷᠢᠭᠤᠯ ᠪᠦᠬᠦᠢ ᠴᠡᠴᠡᠭ ᠦ᠋ᠨ ᠪᠠᠭᠠᠨ᠎ᠠ ᠪᠣᠯᠳᠠᠭ᠃ ᠵᠢᠮᠢᠰ ᠨᠢ ᠠᠯᠢᠮ᠎ᠠ ᠬᠡᠯᠪᠡᠷᠢ ᠲᠡᠢ ᠪᠤᠶᠤ ᠪᠠᠷᠤᠭ ᠪᠥᠮᠪᠥᠭᠡᠯᠵᠢᠨ ᠬᠡᠯᠪᠡᠷᠢ ᠲᠡᠢ᠂ ᠳᠣᠷᠣᠭᠰᠢ ᠤᠨᠵᠢᠢᠨ᠎ᠠ᠂3.5~6cm ᠤᠷᠲᠤ᠂ ᠤᠯᠠᠪᠤᠷ ᠪᠤᠶᠤ ᠰᠢᠷ᠎ᠠ ᠥᠩᠭᠡ ᠲᠡᠢ᠂ ᠪᠣᠯᠪᠠᠰᠤᠷᠠᠪᠠᠯ ᠭᠤᠯᠳᠤ ᠪᠠᠷ ᠬᠣᠶᠠᠷ ᠬᠡᠯᠲᠡᠰᠯᠡᠨ ᠬᠠᠭᠠᠷᠠᠵᠤ᠂ ᠮᠢᠨᠴᠢᠭᠡᠷ ᠤᠯᠠᠭᠠᠨ ᠥᠩᠭᠡ ᠲᠡᠢ ᠬᠠᠭᠤᠷᠮᠠᠭ ᠦᠷ᠎ᠡ ᠶ᠋ᠢᠨ ᠬᠠᠯᠢᠰᠤ ᠢᠯᠡᠷᠡᠨ᠎ᠡ᠃ ᠦᠷ᠎ᠡ ᠨᠢ ᠤᠷᠲᠤᠯᠵᠢᠨ ᠪᠥᠮᠪᠥᠭᠡᠯᠢᠭ ᠬᠡᠯᠪᠡᠷᠢ ᠲᠡᠢ᠂ ᠦᠷ᠎ᠡ ᠶ᠋ᠢᠨ ᠬᠠᠯᠢᠰᠤ ᠨᠢ ᠤᠯᠠᠪᠤᠷ ᠬᠦᠷᠡᠩ ᠥᠩᠭᠡ ᠲᠡᠢ᠂ ᠮᠣᠳᠣᠯᠢᠭ ᠪᠠᠢᠳᠠᠭ᠃
[ ᠤᠷᠭᠤᠬᠤ ᠣᠷᠴᠢᠨ ᠬᠢᠭᠡᠳ ᠲᠠᠷᠬᠠᠴᠠ] ᠬᠠᠯᠠᠭᠤᠨ ᠪᠦᠰᠡ ᠶ᠋ᠢᠨ ᠣᠷᠣᠨ ᠳ᠋ᠤ᠌ ᠨᠡᠢᠳᠡᠮ ᠠᠷᠠᠴᠢᠯᠠᠨ ᠲᠠᠷᠢᠵᠤ ᠪᠣᠢ᠃ ᠮᠠᠯᠠᠢᠰᠢᠶ᠎ᠠ᠂ ᠢᠨᠳᠦᠨᠧᠰᠢᠶ᠎ᠠ᠂ ᠪᠷᠠᠽᠢᠯ ᠵᠡᠷᠭᠡ ᠤᠯᠤᠰ ᠲᠤ ᠲᠠᠷᠬᠠᠴᠠ ᠲᠠᠢ
[ ᠲᠡᠭᠦᠵᠦ ᠪᠣᠯᠪᠠᠰᠤᠷᠠᠭᠤᠯᠬᠤ] 4~6 ᠳ᠋ᠤᠭᠠᠷ ᠰᠠᠷ᠎ᠠ ᠪᠣᠯᠤᠨ11~12 ᠳ᠋ᠤᠭᠠᠷ ᠰᠠᠷ᠎ᠠ ᠳ᠋ᠤ᠌ ᠲᠤᠰ ᠪᠦᠷᠢ ᠨᠢᠭᠡ ᠤᠳᠠᠭ᠎ᠠ ᠲᠡᠭᠦᠨ᠎ᠡ᠃ ᠦᠷ᠎ᠡ ᠶ᠋ᠢ ᠨᠢ ᠠᠪᠴᠤ ᠴᠣᠬᠣᠢ ᠶ᠋ᠢᠨ ᠴᠠᠢᠳᠠᠮ ᠳ᠋ᠤ᠌ ᠨᠢᠭᠡ ᠡᠳᠦᠷ ᠳᠡᠪᠲᠦᠭᠡᠬᠡᠳ ᠵᠥᠭᠡᠯᠡᠨ ᠭᠠᠯ ᠳᠡᠭᠡᠷ᠎ᠡ ᠬᠠᠭᠰᠠᠭᠠᠨ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠂ ᠪᠦᠯᠢᠶᠡᠨ ᠴᠢᠨᠠᠷ ᠲᠠᠢ᠂ ᠬᠦᠨᠳᠦ᠂ ᠲᠣᠰᠣᠯᠢᠭ᠂ ᠵᠥᠭᠡᠯᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠢᠯᠴᠢ ᠶ᠋ᠢ ᠰᠡᠯᠪᠢᠬᠦ᠂ ᠳᠤᠷ᠎ᠠ ᠶ᠋ᠢ ᠨᠡᠭᠡᠭᠡᠬᠦ᠂ ᠢᠳᠡᠭᠡᠨ ᠢ᠋ ᠰᠢᠩᠭᠡᠭᠡᠬᠦ ᠴᠢᠳᠠᠯ ᠲᠠᠢ᠃ ᠭᠣᠣᠯᠳᠠᠭᠤ ᠵᠢᠷᠦᠬᠡᠨ ᠦ᠌ ᠬᠡᠢ᠂ ᠵᠢᠷᠦᠬᠡᠨ ᠦ᠌ ᠬᠠᠳᠬᠤᠯᠭ᠎ᠠ᠂ ᠰᠣᠯᠢᠶᠠᠷᠠᠬᠤ᠂ ᠮᠠᠨᠠᠷᠠᠬᠤ᠂ ᠵᠢᠷᠦᠬᠡ ᠲᠦᠭᠰᠢᠬᠦ᠂ ᠭᠣᠣᠯ ᠰᠤᠳᠠᠯ ᠤ᠋ᠨ ᠬᠡᠢ᠂ ᠰᠢᠩᠭᠡᠭᠡᠯᠲᠡ ᠮᠠᠭᠤᠳᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄肉豆蔻
ᠠᠩᠭ᠌ᠯᠢ ᠨᠡᠷ᠎ᠡ᠄ Myristica fragrans Houtt
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠣᠶᠤᠨᠴᠢᠮᠡᠭ
