ᠵᠢᠩ ᠬᠠᠩ ᠤ᠋ᠨ ᠶᠡᠬᠡ ᠰᠤᠪᠠᠭЖин ханийн их суваг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠩ ᠬᠠᠩ ᠤ᠋ᠨ ᠶᠡᠬᠡ ᠰᠤᠪᠠᠭЖин ханийн их суваг

ᠵᠢᠩ ᠬᠠᠩ ᠤ᠋ᠨ ᠶᠡᠬᠡ ᠰᠤᠪᠠᠭЖин ханийн их суваг

ᠠᠩᠭᠢᠯᠠᠯ:ᠲᠡᠦᠬᠡ ᠰᠣᠶᠣᠯ
2022-09-14

356

ᠶᠤᠸᠠᠨ ᠤᠯᠤᠰ ᠤ᠋ᠨ ᠦᠶ᠎ᠡ ᠶ᠋ᠢᠨ ᠵᠢᠩ ᠬᠠᠩ ᠤ᠋ᠨ ᠶᠡᠬᠡ ᠰᠤᠪᠠᠭ

  ᠠᠯᠲᠠᠨ ᠤᠯᠤᠰ ᠤᠮᠠᠷᠠᠲᠤ ᠬᠢᠲᠠᠳ ᠢ᠋ ᠡᠵᠡᠯᠡᠵᠦ᠂ ᠡᠮᠦᠨᠡᠲᠦ ᠰᠥᠩ ᠤᠯᠤᠰ ᠲᠠᠢ ᠵᠥᠷᠢᠴᠡᠯᠳᠦᠬᠦ ᠳ᠋ᠦ᠍ ᠶᠡᠬᠡ ᠰᠤᠪᠠᠭ ᠤ᠋ᠨ ᠤᠷᠤᠰᠬᠠᠯ ᠶᠡᠬᠡᠳᠡ ᠪᠠᠭᠠᠰᠴᠠᠢ᠂ ᠠᠷᠠᠴᠢᠯᠠᠭ᠎ᠠ ᠦᠭᠡᠢ ᠶ᠋ᠢᠨ ᠤᠯᠠᠮ ᠡᠴᠡ ᠡᠵᠡᠭᠦᠢᠷᠡᠵᠡᠢ᠃ ᠬᠣᠵᠢᠮ ᠨᠢ ᠶᠤᠸᠠᠨ ᠭᠦᠷᠦᠨ ᠡᠬᠡ ᠭᠠᠵᠠᠷ ᠤ᠋ᠨ ᠬᠢᠲᠠᠳ ᠢ᠋ ᠪᠠᠢᠯᠳᠤᠨ ᠳᠠᠭᠠᠭᠤᠯᠬᠤ ᠦᠶ᠎ᠡ ᠳ᠋ᠦ᠍ ᠵᠢᠶᠠᠩᠨᠠᠨ ᠬᠣᠲᠠ ᠡᠴᠡ ᠨᠡᠢᠰᠯᠡᠯ (ᠪᠡᠭᠡᠵᠢᠩ) ᠬᠦᠷᠬᠦ ᠲᠦᠳᠡ ᠵᠠᠮ ᠪᠣᠯᠭᠠᠨ᠂ ᠵᠢᠵᠧᠦ ᠭᠣᠣᠯ ᠪᠣᠯᠤᠨ ᠬᠤᠢ ᠲᠤᠩ ᠭᠣᠣᠯ ᠤ᠋ᠳ ᠢ᠋ ᠨᠡᠭᠡᠭᠡᠵᠡᠢ᠃ ᠥᠭᠡᠷ᠎ᠡ ᠪᠡᠷ ᠬᠡᠯᠡᠪᠡᠯ᠂ ᠺᠠᠢᠹᠡᠩ  ᠢ᠋ᠶ᠋ᠡᠷ ᠳᠠᠮᠵᠢᠨ ᠪᠡᠭᠡᠵᠢᠩ ᠬᠦᠷᠬᠦ ᠵᠠᠮ ᠡᠪ ᠦᠭᠡᠢ ᠪᠠᠢᠭᠰᠠᠨ ᠪᠣᠯ ᠬᠠᠩᠵᠧᠦ ᠡᠴᠡ ᠬᠣᠢᠲᠤ ᠵᠦᠭ ᠲᠦ᠍ ᠲᠢᠶᠠᠨᠵᠢᠨ ᠬᠦᠷᠬᠦ ᠵᠠᠮ ᠨᠡᠭᠡᠭᠡᠭᠳᠡᠭᠰᠡᠨ᠃ ᠶᠤᠸᠠᠨ ᠭᠦᠷᠦᠨ ᠦ᠌ ᠦᠶ᠎ᠡ ᠳ᠋ᠦ᠍ ᠭᠠᠳᠠᠭᠠᠳᠤ ᠬᠤᠳᠠᠯᠳᠤᠭ᠎ᠠ ᠬᠥᠭᠵᠢᠨ᠂ ᠳᠠᠯᠠᠢ ᠶ᠋ᠢᠨ ᠲᠡᠭᠡᠭᠡᠪᠦᠷᠢ ᠬᠥᠭᠵᠢᠵᠦ ᠪᠠᠢᠵᠠᠢ᠂ ᠦᠨᠳᠦᠰᠦᠨ ᠳ᠋ᠡᠭᠡᠨ ᠳᠠᠯᠠᠢ ᠶ᠋ᠢᠨ ᠲᠡᠭᠡᠭᠡᠪᠦᠷᠢ ᠪᠠᠢᠭᠰᠠᠨ ᠲᠤᠯᠠ ᠶᠡᠬᠡ ᠰᠤᠪᠠᠭ ᠤ᠋ᠨ ᠠᠴᠢ ᠬᠣᠯᠪᠣᠭᠳᠠᠯ ᠥᠩᠭᠡᠷᠡᠭᠰᠡᠨ ᠦᠶ᠎ᠡ ᠲᠡᠢ ᠬᠠᠷᠢᠴᠠᠭᠤᠯᠬᠤ ᠳ᠋ᠤ᠌ ᠪᠠᠭᠤᠷᠠᠢ ᠪᠠᠢᠭᠰᠠᠨ ᠴᠤ᠌ ᠡᠨᠡᠬᠦ ᠰᠢᠨ᠎ᠡ ᠵᠠᠮ ᠨᠢ ᠪᠡᠭᠡᠵᠢᠩ ᠦ᠋ᠨ ᠠᠴᠢ ᠬᠣᠯᠪᠣᠭᠳᠠᠯ ᠢ᠋ ᠲᠤᠰ ᠤᠯᠤᠰ ᠤ᠋ᠨ ᠳᠣᠲᠣᠭᠠᠳᠤ ᠳ᠋ᠤ᠌ ᠤᠯᠠᠮ ᠨᠡᠮᠡᠭᠳᠡᠭᠦᠯᠵᠡᠢ᠃

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах