ᠠᠪᠤᠭ᠎ᠠАвгаAvga
ᠠᠪᠤᠭ᠎ᠠ
ᠲᠤᠰ ᠡᠮ ᠪᠣᠯ ᠲᠣᠨᠣᠯᠵᠢᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠠᠪᠤᠭ᠎ᠠ ᠨᠣᠭᠣᠭ᠎ᠠ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠰᠤᠭᠭᠠᠪᠠ ᠭᠡᠳᠡᠭ᠃
[ ᠤᠤᠯ ᠤᠷᠭᠤᠮᠠᠯ] ᠨᠢᠭᠡ ᠪᠤᠶᠤ ᠬᠣᠶᠠᠷ ᠨᠠᠰᠤᠲᠤ ᠡᠪᠡᠰᠦᠯᠢᠭ ᠤᠷᠭᠤᠮᠠᠯ᠃20~50cm ᠥᠨᠳᠥᠷ᠂ ᠵᠢᠭᠠᠬᠠᠨ ᠰᠠᠯᠠᠭ᠎ᠠ ᠲᠠᠢ᠂ ᠦᠰᠦ ᠲᠡᠢ ᠪᠤᠶᠤ ᠳᠠᠩ ᠦᠰᠦ ᠲᠡᠢ᠃ ᠡᠰᠢ ᠨᠢ ᠰᠢᠯᠤᠭᠤᠨ᠂ ᠰᠠᠯᠠᠭᠠᠯᠠᠨ᠎ᠠ᠃ ᠤᠵᠠᠭᠤᠷ ᠤ᠋ᠨ ᠨᠠᠪᠴᠢ ᠨᠢ ᠪᠤᠲᠠᠯᠠᠨ᠎ᠠ᠃ ᠲᠣᠮᠣ ᠦᠵᠦᠭᠦᠷᠲᠦ ᠥᠳᠥᠯᠢᠭ ᠣᠨᠢ ᠲᠠᠢ᠂ ᠤᠷᠲᠤ ᠨᠢ10cm ᠬᠦᠷᠳᠡᠭ᠃ ᠣᠷᠣᠢ ᠶ᠋ᠢᠨ ᠰᠡᠵᠢᠭᠦᠷ ᠢᠯᠲᠠᠰᠤ ᠨᠢ ᠨᠡᠯᠢᠶᠡᠳ ᠲᠣᠮᠣ᠂ ᠬᠠᠵᠠᠭᠤ ᠶ᠋ᠢᠨ ᠰᠡᠵᠢᠭᠦᠷ ᠢᠯᠲᠠᠰᠤ ᠨᠢ ᠨᠡᠯᠢᠶᠡᠳ ᠵᠢᠵᠢᠭ᠂ ᠨᠠᠷᠢᠨ ᠤᠷᠲᠤ᠂ ᠦᠵᠦᠭᠦᠷ ᠨᠢ ᠱᠣᠪᠲᠣᠭᠣᠷ᠂ ᠭᠦᠢᠬᠡᠨ ᠣᠨᠢ ᠲᠠᠢ ᠪᠤᠶᠤ ᠵᠠᠮᠪᠠᠷᠠᠭ᠎ᠠ ᠦᠭᠡᠢ ᠲᠣᠮᠣ ᠬᠢᠷᠥᠭᠡᠨ ᠰᠢᠳᠦᠲᠦ ᠬᠥᠪᠡᠭᠡ ᠲᠡᠢ᠂ ᠤᠷᠲᠤ ᠪᠠᠷᠢᠭᠤᠯ ᠲᠠᠢ᠂ ᠡᠰᠢᠨ ᠳ᠋ᠡᠬᠢ ᠨᠠᠪᠴᠢ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂1~2cm ᠤᠷᠲᠤ᠂2mm ᠥᠷᠭᠡᠨ᠂ ᠤᠭ ᠨᠢ ᠡᠰᠢ ᠪᠡᠨ ᠪᠠᠭᠯᠠᠨ᠎ᠠ᠂ ᠰᠡᠲᠡᠷᠬᠡᠢ ᠪᠤᠶᠤ ᠬᠢᠷᠥᠭᠡᠨ ᠰᠢᠳᠦᠲᠦ ᠬᠥᠪᠡᠭᠡ ᠲᠡᠢ᠂ ᠬᠣᠶᠠᠷ ᠲᠠᠯ᠎ᠠ ᠳ᠋ᠤᠨᠢ ᠨᠠᠷᠢᠨ ᠦᠰᠦ ᠲᠡᠢ ᠪᠤᠶᠤ ᠦᠰᠦ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠣᠷᠣᠢ ᠳ᠋ᠤᠨᠢ ᠪᠤᠶᠤ ᠨᠠᠪᠴᠢᠨ ᠤ᠋ ᠰᠤᠭᠤ ᠳ᠋ᠤ᠌ ᠳᠡᠯᠭᠡᠷᠡᠨ᠎ᠡ᠃ ᠴᠡᠴᠡᠭ ᠨᠢ ᠴᠠᠭᠠᠨ ᠥᠩᠭᠡ ᠲᠡᠢ᠂ ᠳ᠋ᠢᠶᠠᠮᠧᠲ᠋ᠷ ᠨᠢ2mm᠃ ᠣᠬᠣᠷ ᠡᠪᠡᠷ ᠵᠢᠮᠢᠰ ᠨᠢ ᠲᠣᠩᠭᠣᠷᠤᠤ ᠥᠨᠳᠡᠭᠡᠯᠵᠢᠨ ᠪᠤᠶᠤ ᠲᠣᠩᠭᠣᠷᠤᠤ ᠵᠢᠷᠦᠬᠡᠨ ᠬᠡᠯᠪᠡᠷᠢ ᠲᠡᠢ᠂5~8mm ᠤᠷᠲᠤ᠂4~7 mm ᠥᠷᠭᠡᠨ᠂ ᠬᠠᠪᠲᠠᠭᠠᠢ᠂ ᠥᠴᠦᠬᠡᠨ ᠬᠣᠲᠣᠢᠭᠰᠠᠨ ᠦᠵᠦᠭᠦᠷ ᠲᠡᠢ᠃ ᠮᠠᠰᠢ ᠣᠬᠣᠷ ᠮᠥᠩᠬᠡ ᠣᠷᠣᠰᠢᠬᠤ ᠴᠡᠴᠡᠭ ᠦ᠋ᠨ ᠪᠠᠭᠠᠨ᠎ᠠ ᠲᠠᠢ᠃ ᠦᠷ᠎ᠡ ᠨᠢ2 ᠮᠥᠷ᠂ ᠤᠷᠲᠤᠯᠵᠢᠨ ᠵᠤᠤᠪᠠᠩ ᠬᠡᠯᠪᠡᠷᠢ ᠲᠡᠢ᠂1mm ᠤᠷᠲᠤ᠂ ᠭᠦᠢᠬᠡᠨ ᠬᠦᠷᠡᠩ ᠥᠩᠭᠡ ᠲᠡᠢ᠃6~8 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠲᠠᠷᠢᠶᠠᠨ ᠤ᠋ ᠵᠠᠬ᠎ᠠ ᠬᠥᠪᠡᠭᠡ᠂ ᠵᠠᠮ ᠤ᠋ᠨ ᠬᠠᠵᠠᠭᠤ ᠪᠠᠷ ᠤᠷᠭᠤᠨ᠎ᠠ᠃ ᠪᠦᠬᠦ ᠤᠯᠤᠰ ᠲᠤ ᠪᠠᠷᠤᠭ ᠨᠡᠢᠳᠡᠮ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠬᠠᠪᠤᠷ᠂ ᠵᠤᠨ ᠴᠡᠴᠡᠭᠯᠡᠭᠰᠡᠨ ᠪᠤᠶᠤ ᠦᠷᠡᠯᠡᠭᠰᠡᠨ ᠪᠦᠬᠦᠯᠢ ᠡᠪᠡᠰᠦ ᠶ᠋ᠢ ᠨᠢ ᠠᠪᠴᠤ᠂ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ᠂ ᠠᠮᠲᠠᠯᠢᠭ ᠠᠮᠲᠠ ᠲᠠᠢ; ᠲᠡᠭᠰᠢ ᠴᠢᠨᠠᠷ ᠲᠠᠢ; ᠡᠶᠡᠯᠳᠡᠭ᠂ ᠪᠠᠲᠤᠯᠢᠭ᠂ ᠬᠦᠨᠳᠦ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠯᠵᠢᠬᠦ ᠶ᠋ᠢ ᠳᠠᠷᠤᠬᠤ᠂ ᠰᠢᠭᠡᠯᠭᠡᠬᠦ᠂ ᠴᠢᠰᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠢᠳᠡᠭᠡᠨ ᠢ᠋ᠶ᠋ᠡᠷ ᠪᠥᠭᠡᠯᠵᠢᠬᠦ᠂ ᠴᠢᠰᠤ ᠪᠠᠷ ᠪᠥᠭᠡᠯᠵᠢᠬᠦ᠂ ᠰᠠᠷ᠎ᠠ ᠶ᠋ᠢᠨ ᠭᠬᠢᠷ ᠴᠤᠪᠤᠷᠠᠬᠤ᠂ ᠬᠥᠩᠭᠡᠵᠢᠬᠦ ᠦᠶ᠎ᠡ ᠳ᠋ᠦ᠍ ᠴᠢᠰᠤ ᠠᠷᠪᠢᠨ ᠠᠯᠳᠠᠬᠤ᠂ ᠰᠢᠭᠡᠰᠦ ᠬᠠᠭᠠᠭᠳᠠᠭᠰᠠᠨ᠂ ᠪᠥᠭᠡᠷᠡᠨ ᠬᠠᠯᠠᠭᠤᠨ᠂ ᠰᠤᠳᠠᠯ ᠤ᠋ᠨ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄荠菜,荠
ᠠᠩᠭ᠌ᠯᠢ ᠨᠡᠷ᠎ᠡ᠄Capsella bursa-pastoris (L.) Medic.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
