ᠬᠥᠭᠰᠢᠳ - ᠸᠠᠴᠢᠷᠪᠠᠲᠤ ᠶ᠋ᠢᠨ ᠳᠠᠰᠢᠪᠠᠯᠪᠠᠷ Хөгшид - Очирбатын Дашбалбар
ᠬᠥᠭᠰᠢᠳ
ᠬᠠᠪᠤᠷ ᠤ᠋ᠨ ᠨᠠᠷᠠᠨ ᠳ᠋ᠤ᠌ ᠨᠢᠷᠤᠭᠤ ᠪᠠᠨ ᠡᠭᠡᠭᠡᠵᠦ
ᠬᠠᠷᠠᠪᠠᠰᠤ ᠵᠢᠷᠭᠠᠯ ᠢ᠋ ᠬᠠᠨᠲᠠᠯ᠎ᠠ ᠡᠳ᠋ᠯᠡᠵᠦ
ᠬᠥᠬᠡ ᠲᠩᠷᠢ ᠶ᠋ᠢᠨ ᠳᠣᠣᠷ᠎ᠠ ᠶᠠᠷᠢᠯᠴᠠᠵᠤ ᠰᠠᠭᠤᠭ᠎ᠠ
ᠬᠥᠭᠰᠢᠴᠦᠦᠯ᠂ ᠦᠵᠡᠵᠦ ᠥᠩᠭᠡᠷᠡᠭᠦᠯᠦᠭᠰᠡᠨ ᠬᠣᠷᠸ᠎ᠠ ᠳ᠋ᠤ᠌ ᠪᠠᠨ ᠵᠢᠷᠭᠠᠯᠲᠠᠢ!
ᠮᠥᠩᠭᠥ ᠶ᠋ᠢ ᠮᠡᠳᠡᠨ᠎ᠡ᠂ ᠮᠥᠩᠬᠡ ᠪᠤᠰᠤ ᠬᠣᠷᠸ᠎ᠠ ᠦᠨ᠎ᠡ ᠦᠭᠡᠢ ᠶ᠋ᠢ ᠴᠦ᠍ ᠮᠡᠳᠡᠨ᠎ᠡ
ᠮᠥᠰᠥ ᠴᠢᠨᠠᠷ ᠢ᠋ ᠬᠤᠳᠠᠯᠳᠤᠵᠤ ᠠᠪᠴᠤ ᠪᠣᠯᠬᠤ ᠦᠭᠡᠢ ᠶ᠋ᠢ ᠴᠦ᠍ ᠮᠡᠳᠡᠨ᠎ᠡ
ᠠᠯᠢᠪᠠ ᠶᠠᠭᠤᠮ᠎ᠠ ᠪᠦᠬᠦᠨ ᠬᠠᠭᠤᠴᠢᠷᠠᠵᠤ᠂ ᠠᠷᠢᠯᠵᠤ ᠪᠠᠢᠳᠠᠭ ᠢ᠋ ᠮᠡᠳᠡᠨ᠎ᠡ
ᠠᠷᠢᠭᠤᠨ ᠰᠡᠳᠬᠢᠯ᠂ ᠲᠩᠷᠢ ᠳ᠋ᠦ᠍ ᠭᠠᠭᠴᠠᠬᠠᠨ ᠨᠠᠷᠠ ᠰᠢᠭ᠋ ᠦᠯᠡᠳᠡᠳᠡᠭ ᠢ᠋ ᠮᠡᠳᠡᠨ᠎ᠡ
ᠠᠯᠳᠠᠷ ᠨᠡᠷ᠎ᠡ ᠶ᠋ᠢ ᠮᠡᠳᠡᠨ᠎ᠡ᠂ ᠠᠭᠱᠠᠨ ᠵᠠᠭᠤᠷ᠎ᠠ ᠶ᠋ᠢᠨ ᠬᠣᠯᠪᠣᠭ᠎ᠠ ᠶ᠋ᠢ ᠮᠡᠳᠡᠨ᠎ᠡ
ᠠᠯᠠᠭ᠎ᠠ ᠪᠣᠯᠤᠭᠰᠠᠨ ᠬᠣᠢᠨ᠎ᠠ ᠪᠦᠬᠦ ᠶᠠᠭᠤᠮ᠎ᠠ ᠥᠪᠡᠷ ᠲᠦ᠍ ᠬᠠᠮᠢᠶ᠎ᠠ ᠦᠭᠡᠢ ᠶ᠋ᠢ ᠮᠡᠳᠡᠨ᠎ᠡ
ᠠᠷᠢᠯᠵᠤ ᠭᠠᠩᠳᠠᠭᠰᠠᠨ ᠤ᠋ ᠲᠥᠯᠥᠭᠡ ᠬᠠᠷᠠᠮᠰᠠᠵᠤ ᠭᠤᠨᠢᠬᠤ ᠶ᠋ᠢ ᠴᠦ᠍ ᠮᠡᠳᠡᠨ᠎ᠡ
ᠠᠮᠢᠳᠤ ᠶ᠋ᠢᠨ ᠵᠢᠷᠭᠠᠯ ᠢ᠋ ᠬᠣᠷᠸ᠎ᠠ ᠳ᠋ᠤ᠌ ᠶᠠᠭᠤ ᠪᠠᠷ ᠰᠣᠯᠢᠬᠤ ᠦᠭᠡᠢ ᠶ᠋ᠢ ᠮᠡᠳᠡᠨ᠎ᠡ
ᠨᠡᠷ᠎ᠡ ᠲᠥᠷᠥ ᠶ᠋ᠢ ᠮᠡᠳᠡᠨ᠎ᠡ᠂ ᠨᠢᠩᠵᠢᠨ ᠰᠡᠳᠬᠢᠯ ᠢ᠋ ᠮᠡᠳᠡᠨ᠎ᠡ
ᠨᠢᠭᠡ ᠶ᠋ᠢᠨ ᠢ᠋ᠶ᠋ᠡᠨ ᠲᠥᠯᠥᠭᠡ ᠦᠬᠦᠵᠦ ᠪᠣᠯᠬᠤ ᠠᠭᠱᠠᠨ ᠢ᠋ ᠮᠡᠳᠡᠨ᠎ᠡ
ᠬᠡᠷᠡᠭ ᠲᠡᠢ ᠴᠠᠭ ᠲᠤ᠌ ᠬᠤᠳᠠᠯ ᠬᠡᠯᠡᠬᠦ ᠶ᠋ᠢ ᠮᠡᠳᠡᠨ᠎ᠡ
ᠬᠡᠷᠡᠭ ᠦᠭᠡᠢ ᠴᠠᠭ ᠲᠤ᠌ ᠳᠠᠭᠤ ᠦᠭᠡᠢ ᠲᠡᠪᠴᠢᠬᠦ ᠶ᠋ᠢ ᠴᠦ᠍ ᠮᠡᠳᠡᠨ᠎ᠡ
ᠠᠶ᠎ᠠ᠂ ᠬᠥᠭᠰᠢᠳ
ᠠᠮᠢᠲᠠᠨ ᠤ᠋ ᠬᠣᠷᠸ᠎ᠠ ᠶ᠋ᠢ ᠦᠵᠡᠵᠦ᠂ ᠪᠦᠬᠦᠨ ᠢ᠋ ᠲᠤᠭᠤᠯᠤᠭᠰᠠᠨ ᠳ᠋ᠠᠭᠠᠨ
ᠠᠮᠢᠳᠤ ᠬᠣᠢᠴᠢ ᠶ᠋ᠢᠨ ᠢ᠋ᠶ᠋ᠡᠨ ᠲᠥᠯᠥᠭᠡ᠂ ᠡᠭᠡᠯ ᠪᠡᠶ᠎ᠡ ᠪᠡᠨ ᠵᠣᠯᠢᠬᠤ ᠶ᠋ᠢ ᠶᠠᠭᠤᠬᠠᠨ ᠳ᠋ᠤ᠌ ᠴᠤ᠌ ᠡᠰᠡ ᠰᠠᠨᠠᠨ᠎ᠠ᠃
ᠭᠡᠭᠡᠨ ᠴᠡᠩᠬᠡᠷ ᠡᠳᠦᠷ ᠲᠡᠳᠡ᠂ ᠲᠩᠷᠢ ᠶ᠋ᠢᠨ ᠳᠣᠣᠷ᠎ᠠ
ᠭᠡᠷᠡᠯᠲᠦ ᠨᠠᠷᠠᠨ ᠤ᠋ ᠪᠦᠯᠢᠶᠡᠨ ᠢᠯᠴᠢ ᠶ᠋ᠢ ᠪᠡᠶ᠎ᠡ ᠳ᠋ᠡᠭᠡᠨ ᠰᠢᠩᠭᠡᠭᠡᠨ᠎ᠡ
ᠠᠯᠢᠪᠠ ᠶᠠᠭᠤᠮᠠᠨ ᠳ᠋ᠤ᠌ ᠲᠡᠭᠡᠭᠡᠳ ᠬᠠᠯᠠᠭᠤᠨ ᠢᠯᠴᠢᠲᠦ ᠰᠡᠳᠬᠢᠯ ᠢ᠋ᠶ᠋ᠡᠷ ᠬᠠᠨᠳᠤᠵᠤ
ᠠᠯᠠᠭ᠎ᠠ ᠪᠣᠯᠬᠤ ᠶ᠋ᠢᠨ ᠴᠠᠭ ᠲᠠᠭᠠᠨ ᠨᠠᠷᠠᠨ ᠳᠤᠯᠠᠭᠠᠨ ᠢ᠋ᠶ᠋ᠠᠨ ᠪᠢᠳᠡᠨ ᠳ᠋ᠦ᠍ ᠦᠯᠡᠳᠡᠭᠡᠨ᠎ᠡ᠃
ᠠᠶ᠎ᠠ᠂ ᠬᠥᠭᠰᠢᠳ
ᠬᠡᠦᠬᠡᠳ ᠮᠡᠲᠦ ᠠᠷᠢᠭᠤᠬᠠᠨ᠂ ᠭᠡᠨᠡᠨ ᠲᠤᠩᠭᠠᠯᠠᠭ ᠪᠣᠯᠤᠯᠲᠠᠢ ᠴᠤ᠌
ᠠᠮᠢᠳᠤᠷᠠᠯ ᠢ᠋ ᠨᠢᠴᠦᠭᠦᠨ ᠢ᠋ᠶ᠋ᠡᠷ ᠨᠢ ᠬᠠᠷᠠᠵᠤ᠂ᠬᠠᠲᠠᠭᠤ ᠰᠢᠷᠦᠭᠦᠨ ᠢ᠋ᠶ᠋ᠡᠷ ᠰᠢᠭᠦᠨ᠎ᠡ᠃
ᠠᠵᠤ ᠲᠥᠷᠥᠬᠦ ᠶ᠋ᠢᠨ ᠦᠨᠡᠨ ᠢ᠋ ᠴᠠᠭ ᠴᠠᠭ ᠲᠤᠨᠢ ᠲᠣᠭᠠᠴᠢᠨ᠎ᠠ
ᠠᠮᠢᠳᠤ ᠶ᠋ᠢᠨ ᠵᠢᠷᠭᠠᠯ ᠢ᠋ ᠪᠤᠰᠤᠳ ᠲᠤ᠌ ᠦᠢᠯᠡᠳᠦᠭᠰᠡᠨ ᠰᠠᠢᠨ ᠦᠢᠯᠡ ᠪᠡᠷ ᠴᠡᠩᠨᠡᠨᠡ᠃
ᠡᠳᠦᠷ ᠬᠣᠨᠣᠭ ᠤ᠋ᠨ ᠡᠷᠢᠬᠡᠨ ᠬᠡᠯᠬᠢᠶ᠎ᠡ ᠶ᠋ᠢ ᠳᠡᠮᠡᠢ ᠬᠡᠳᠦ ᠲᠣᠭᠠᠯᠠᠯ ᠦᠭᠡᠢ
ᠥᠨᠳᠥᠷ ᠨᠠᠰᠤᠨ ᠤ᠋ ᠲᠩᠷᠢ ᠡᠴᠡ ᠳᠠᠭᠤ ᠦᠭᠡᠢ ᠬᠠᠢᠷ᠎ᠠ ᠪᠠᠨ ᠵᠦᠩ ᠰᠣᠪᠢᠩ ᠳ᠋ᠤ᠌ ᠰᠢᠩᠭᠡᠭᠡᠨ᠎ᠡ!
