ᠠᠯᠲᠠᠨ ᠠᠭᠢАлтан агиAltan agi ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠠᠭᠢАлтан агиAltan agi

ᠠᠯᠲᠠᠨ ᠠᠭᠢАлтан агиAltan agi

2025-06-11

256

ᠠᠯᠲᠠᠨ ᠠᠭᠢ

   ᠲᠤᠰ ᠡᠮ ᠪᠣᠯ ᠬᠠᠷ᠎ᠠ ᠣᠷᠬᠣᠳᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠢᠩᠭᠠᠨ ᠤ᠋ ᠬᠠᠲᠤᠨ ᠡᠪᠡᠰᠦ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠺᠠᠨᠴᠥ᠋ᠩᠰᠧᠷᠭᠤ᠂ ᠬᠠᠲᠤᠨ ᠡᠪᠡᠰᠦ᠂ ᠺᠠᠨᠴᠥ᠋ᠩ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃4~20m ᠥᠨᠳᠥᠷ᠂ ᠪᠦᠬᠦ ᠪᠡᠶ᠎ᠡ ᠳ᠋ᠦ᠍ᠨᠢ ᠨᠢᠭ᠋ ᠪᠤᠭᠤᠷᠤᠯ ᠬᠥᠪᠥᠩ ᠦᠰᠦ ᠲᠡᠢ ᠪᠣᠯᠬᠣᠷ ᠮᠥᠩᠭᠥᠨ ᠴᠠᠭᠠᠨ ᠥᠩᠭᠡ ᠲᠡᠢ᠃ ᠪᠦᠳᠦᠭᠦᠨ ᠤᠯᠠᠭᠠᠨ ᠦᠨᠳᠦᠰᠦ ᠲᠡᠢ᠃ ᠡᠰᠢ ᠨᠢ ᠰᠢᠯᠤᠭᠤᠨ᠂ ᠤᠭ ᠤ᠋ᠨ ᠬᠡᠰᠡᠭ ᠡᠴᠡ ᠪᠡᠨ ᠮᠠᠰᠢ ᠣᠯᠠᠨ ᠰᠠᠯᠠᠭ᠎ᠠ ᠭᠠᠷᠴᠤ ᠪᠣᠳᠠᠯᠠᠨ᠎ᠠ᠃ ᠨᠠᠪᠴᠢ ᠨᠢ ᠴᠢᠭᠲᠠᠯᠠᠬᠤ ᠪᠤᠶᠤ ᠡᠰᠢᠨ ᠦ᠌ ᠳᠡᠭᠡᠳᠦ ᠬᠡᠰᠡᠭ ᠲᠦ᠍ ᠴᠤᠪᠤᠷᠠᠨ ᠤᠷᠭᠤᠨ᠎ᠠ᠂ ᠪᠠᠷᠢᠭᠤᠯ ᠦᠭᠡᠢ᠂ ᠬᠠᠪᠲᠠᠭᠠᠢ ᠲᠡᠪᠡᠨᠡ᠂ ᠪᠦᠰᠡᠯᠢᠭ ᠬᠠᠪᠲᠠᠭᠠᠢ ᠪᠤᠶᠤ ᠪᠦᠰᠡ ᠬᠡᠯᠪᠡᠷᠢ ᠲᠡᠢ᠂7~20mm ᠥᠷᠭᠡᠨ᠂ ᠦᠵᠦᠭᠦᠷ  ᠲᠤᠨᠢ ᠥᠷᠭᠡᠰᠦ ᠰᠢᠭ ᠱᠣᠪᠣᠭᠣᠷ ᠣᠷᠣᠢ ᠲᠠᠢ᠂ ᠨᠠᠪᠴᠢᠨ ᠤ᠋ ᠠᠷᠤ ᠳ᠋ᠠᠬᠢ ᠴᠠᠭᠠᠨ ᠥᠩᠭᠡᠲᠦ ᠬᠥᠪᠥᠩ ᠦᠰᠦ ᠨᠢ ᠨᠡᠩ ᠨᠢᠭ᠋ ᠪᠠᠢᠳᠠᠭ᠃ ᠵᠢᠵᠢᠭ ᠪᠠᠭᠯᠠᠭᠴᠢ ᠢᠯᠲᠠᠰᠤ ᠨᠢ ᠪᠦᠰᠡ ᠬᠡᠯᠪᠡᠷᠢ ᠲᠡᠢ ᠪᠤᠶᠤ ᠬᠠᠪᠲᠠᠭᠠᠢ ᠲᠡᠪᠡᠨᠡ ᠬᠡᠯᠪᠡᠷᠢ ᠲᠡᠢ᠂12~20mm ᠤᠷᠲᠤ᠂1.5~3mm ᠥᠷᠭᠡᠨ᠂ ᠪᠦᠲᠦᠨ ᠬᠥᠪᠡᠭᠡ ᠲᠡᠢ ᠪᠤᠶᠤ1~2 ᠵᠢᠵᠢᠭ ᠬᠡᠷᠴᠢᠶᠡᠰᠦ ᠲᠡᠢ᠂ ᠲᠣᠭᠳᠣᠢ ᠬᠣᠭᠣᠯᠠᠢ ᠶ᠋ᠢᠨ ᠤᠭ ᠲᠠᠢ ᠪᠠᠨ ᠨᠢᠭᠲᠠ ᠨᠠᠭᠠᠯᠳᠤᠵᠤ ᠪᠠᠢᠳᠠᠭ᠃ ᠴᠡᠴᠡᠭ ᠦ᠋ᠨ ᠲᠣᠭᠳᠣᠢ ᠶ᠋ᠢᠨ ᠬᠣᠭᠣᠯᠠᠢ ᠨᠢ5~10mm ᠤᠷᠲᠤ᠂ ᠶᠡᠷᠦ ᠳ᠋ᠡᠭᠡᠨ11 ᠵᠤᠷᠪᠤᠰ ᠰᠤᠳᠠᠯ ᠲᠠᠢ᠂5 ᠰᠡᠵᠢᠭᠦᠷ ᠢᠯᠲᠠᠰᠤ ᠲᠠᠢ᠂ ᠥᠷᠥᠮ ᠬᠡᠯᠪᠡᠷᠢ ᠲᠡᠢ ᠪᠤᠶᠤ ᠪᠦᠰᠡ ᠬᠡᠯᠪᠡᠷᠢ ᠲᠡᠢ᠂ ᠲᠣᠭᠳᠣᠢ ᠬᠣᠭᠣᠯᠠᠢ ᠶ᠋ᠢᠨ2 ᠳᠠᠬᠢᠨ ᠣᠷᠴᠢᠮ ᠤᠷᠲᠤ᠂ ᠰᠡᠵᠢᠭᠦᠷ ᠢᠯᠲᠠᠰᠤ ᠶ᠋ᠢᠨ ᠬᠣᠭᠣᠷᠣᠨᠳᠣ ᠨᠢ ᠶᠡᠷᠦ ᠳ᠋ᠡᠭᠡᠨ1~2 ᠳᠠᠭᠠᠯᠳᠤᠪᠤᠷᠢ ᠵᠢᠵᠢᠭ ᠬᠡᠷᠴᠢᠶᠡᠰᠦ ᠲᠡᠢ᠂ ᠴᠡᠴᠡᠭ ᠦ᠋ᠨ ᠳᠡᠯᠪᠢ ᠨᠢ ᠰᠢᠷ᠎ᠠ᠂3~4.5cm ᠤᠷᠲᠤ᠂ ᠬᠣᠶᠠᠷ ᠤᠷᠤᠭᠤᠯ ᠬᠡᠯᠪᠡᠷᠢ ᠲᠡᠢ᠂ ᠭᠠᠳᠠᠭᠤᠷ ᠨᠢ ᠴᠠᠭᠠᠨ ᠵᠥᠭᠡᠯᠡᠨ ᠦᠰᠦ ᠲᠡᠢ᠂ ᠳᠣᠲᠣᠷ ᠨᠢ ᠪᠤᠯᠴᠢᠷᠬᠠᠢ ᠲᠣᠯᠪᠣ ᠲᠠᠢ᠂ ᠳᠣᠣᠷᠠᠲᠤ ᠤᠷᠤᠭᠤᠯ ᠨᠢ3 ᠣᠨᠢ ᠲᠠᠢ᠂ ᠳᠡᠭᠡᠳᠦ ᠤᠷᠤᠭᠤᠯ ᠠ᠋ᠴᠠ ᠪᠠᠨ ᠤᠷᠲᠤ᠂ ᠲᠡᠭᠦᠨ ᠦ᠌2 ᠣᠨᠢ ᠶ᠋ᠢᠨ ᠠᠷᠤ ᠳ᠋ᠤᠨᠢ2 ᠵᠤᠷᠪᠤᠰ ᠨᠤᠭᠤᠯᠤᠭᠠᠰᠤ ᠲᠠᠢ᠂ ᠳᠤᠮᠳᠠᠬᠢ ᠰᠡᠵᠢᠭᠦᠷ ᠢᠯᠲᠠᠰᠤ ᠨᠢ ᠬᠥᠪᠡᠭᠡ ᠶ᠋ᠢᠨ ᠰᠡᠵᠢᠭᠦᠷ ᠢᠯᠲᠠᠰᠤ ᠠ᠋ᠴᠠ ᠪᠠᠨ ᠵᠢᠭᠠᠬᠠᠨ ᠤᠷᠲᠤ᠂ ᠰᠡᠵᠢᠭᠦᠷ ᠢᠯᠲᠠᠰᠤ ᠨᠢ ᠤᠷᠲᠤᠯᠵᠢᠨ ᠵᠤᠤᠪᠠᠩ ᠬᠡᠯᠪᠡᠷᠢ ᠲᠡᠢ᠂ ᠮᠤᠬᠤᠷ ᠦᠵᠦᠭᠦᠷ ᠲᠡᠢ᠃ ᠡᠷ᠎ᠡ ᠲᠣᠭᠣᠷᠴᠣᠭ ᠨᠢ ᠴᠡᠴᠡᠭ ᠦ᠋ᠨ ᠬᠣᠭᠣᠯᠠᠢ ᠶ᠋ᠢᠨ ᠳᠣᠲᠣᠷ᠎ᠠ ᠤᠮᠠᠢ ᠶ᠋ᠢᠨ ᠳᠡᠭᠡᠷ᠎ᠡ ᠬᠡᠰᠡᠭ ᠲᠦ᠍ ᠤᠷᠭᠤᠬᠤ ᠪᠥᠭᠡᠳ ᠴᠡᠴᠡᠭ ᠦ᠋ᠨ ᠳᠡᠯᠪᠢ ᠶ᠋ᠢᠨ ᠬᠣᠭᠣᠯᠠᠢᠯᠢᠭ᠋ ᠬᠡᠰᠡᠭ ᠡᠴᠡ ᠴᠤᠬᠤᠢᠨ ᠭᠠᠷᠤᠨ᠎ᠠ᠃ ᠳᠣᠬᠢᠭᠤᠷ ᠤ᠋ᠨ ᠤᠭ ᠲᠤᠨᠢ ᠦᠰᠦ ᠲᠡᠢ᠂ ᠲᠣᠭᠣᠰᠣᠪᠴᠢ ᠨᠢ ᠤᠷᠲᠤᠯᠵᠢᠨ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠭᠤᠯᠳᠤ ᠪᠠᠷ ᠬᠠᠭᠠᠷᠠᠨ᠎ᠠ᠂4mm ᠣᠷᠴᠢᠮ ᠤᠷᠲᠤ᠂1.5mm ᠣᠷᠴᠢᠮ ᠥᠷᠭᠡᠨ᠂ ᠣᠷᠣᠢ ᠨᠢ ᠮᠣᠬᠣᠭᠣ ᠲᠣᠭᠣᠷᠢᠭ᠂ ᠤᠷᠲᠤ ᠵᠥᠭᠡᠯᠡᠨ ᠦᠰᠦ ᠲᠡᠢ᠃ ᠤᠮᠠᠢ ᠨᠢ ᠥᠨᠳᠡᠭᠡᠯᠵᠢᠨ ᠬᠡᠯᠪᠡᠷᠢ ᠲᠡᠢ᠂ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠳᠡᠭᠡᠳᠦ ᠤᠷᠤᠭᠤᠯ ᠤ᠋ᠨ ᠦᠵᠦᠭᠦᠷ ᠳᠣᠣᠷ᠎ᠠ ᠠ᠋ᠴᠠ ᠴᠤᠬᠤᠢᠨ ᠭᠠᠷᠴᠤ ᠡᠮᠦᠨᠡᠰᠢ ᠪᠡᠨ ᠮᠤᠷᠤᠢᠨ᠎ᠠ᠃ ᠪᠠᠭᠠᠨ᠎ᠠ ᠶ᠋ᠢᠨ ᠠᠮᠠᠰᠠᠷ ᠨᠢ ᠲᠣᠯᠣᠭᠠᠢ ᠰᠢᠭ᠋᠂ ᠬᠣᠩᠭᠣᠷᠴᠣᠭᠲᠤ ᠵᠢᠮᠢᠰ ᠨᠢ ᠬᠥᠳᠥᠰᠥᠯᠢᠭ᠂ ᠤᠷᠲᠤ ᠥᠨᠳᠡᠭᠡᠯᠵᠢᠨ ᠲᠣᠭᠣᠷᠢᠭ ᠬᠡᠯᠪᠡᠷᠢ ᠲᠡᠢ᠂10~13mm ᠤᠷᠲᠤ᠂7~9mm ᠥᠷᠭᠡᠨ᠃6~8 ᠳ᠋ᠤᠭᠠᠷ ᠰᠠᠷ᠎ᠠ ᠳ᠋ᠤ᠌ ᠴᠡᠴᠡᠭᠯᠡᠵᠦ᠂7~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠲᠠᠯ᠎ᠠ ᠭᠠᠵᠠᠷ᠂ ᠡᠯᠡᠰᠦᠨ ᠴᠦᠯ ᠦ᠋ᠨ ᠲᠠᠯ᠎ᠠ ᠭᠠᠵᠠᠷ᠂ ᠠᠭᠤᠯᠠᠷᠬᠠᠭ ᠲᠠᠯ᠎ᠠ ᠭᠠᠵᠠᠷ ᠲᠤ ᠤᠷᠭᠤᠨ᠎ᠠ᠃ ᠵᠡᠭᠦᠨ ᠬᠣᠢᠲᠤ ᠣᠷᠣᠨ ᠵᠢᠴᠢ ᠥᠪᠥᠷ ᠮᠣᠩᠭᠣᠯ᠂ ᠾᠧᠪᠧᠢ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]5~8 ᠳ᠋ᠤᠭᠠᠷ ᠰᠠᠷ᠎ᠠ ᠳ᠋ᠤ᠌ ᠴᠡᠴᠡᠭᠯᠡᠭᠰᠡᠨ ᠪᠦᠬᠦᠯᠢ ᠡᠪᠡᠰᠦ ᠶ᠋ᠢ ᠨᠢ ᠠᠪᠴᠤ᠂ ᠰᠢᠪᠡᠷ ᠰᠢᠷᠣᠢ ᠶ᠋ᠢ ᠨᠢ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠥᠴᠦᠬᠡᠨ ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠰᠢᠷ᠎ᠠ ᠤᠰᠤ ᠶ᠋ᠢ ᠬᠠᠲᠠᠭᠠᠬᠤ᠂ ᠵᠠᠭᠠᠲᠤᠨᠠᠬᠤ ᠶ᠋ᠢ ᠵᠣᠭᠰᠣᠭᠠᠬᠤ᠂ ᠬᠠᠪᠤᠳᠠᠷ ᠢ᠋ ᠬᠠᠷᠢᠭᠤᠯᠬᠤ᠂ ᠴᠢᠰᠤ ᠶ᠋ᠢ ᠵᠣᠭᠰᠣᠭᠠᠬᠤ᠂ ᠶᠠᠷ᠎ᠠ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠰᠢᠷ᠎ᠠ ᠰᠢᠭᠦᠰᠦᠲᠦ ᠶᠠᠷ᠎ᠠ᠂ ᠪᠡᠶ᠎ᠡ ᠵᠠᠭᠠᠲᠤᠨᠠᠬᠤ᠂ ᠤᠮᠠᠢ ᠶ᠋ᠢᠨ ᠬᠣᠷᠣᠬᠠᠢ᠂ ᠬᠣᠰᠬᠢᠨᠠᠭ ᠤ᠋ᠨ ᠭᠦᠪᠳᠦᠷᠦᠦ᠂ ᠬᠠᠪᠤᠳᠠᠷ ᠴᠢᠭᠢᠬ᠎ᠠ᠂ ᠡᠷᠡᠬᠡᠭᠰᠡᠨ ᠰᠢᠷᠬ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄芯芭(达乌里芯芭)
   ᠠᠩᠭ᠌ᠯᠢ ᠨᠡᠷ᠎ᠡ᠄Cymbaria dahurica L.

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠤᠷᠠᠨᠴᠢᠮᠡᠭ