ᠯᠤᠤᠰ ᠤ᠋ᠨ ᠰᠠᠩЛусын сан
ᠯᠤᠤᠰ ᠤ᠋ᠨ ᠰᠠᠩ
ᠣᠮ ᠠ ᠬᠣᠩ᠃ ᠭᠤᠷᠪᠠᠨᠲᠠ᠃
ᠵᠧ᠃ ᠶᠡᠬᠡ ᠨᠢᠭᠦᠯᠡᠰᠬᠦᠢ ᠴᠢᠨᠠᠷᠲᠤ᠃
ᠶᠡᠬᠡ ᠨᠠᠺᠠᠨᠽᠤᠨᠠ ᠢᠲᠡᠭᠡᠯ᠃
ᠡᠨᠡᠷᠢᠯᠲᠦ ᠡᠷᠬᠡ ᠪᠡᠷ᠃
ᠶᠡᠬᠡ ᠠᠳᠢᠰᠲᠠᠳ ᠢ᠋ ᠪᠠᠭᠤᠯᠭ᠎ᠠ᠃
ᠲᠠᠪᠤᠨ ᠢᠵᠠᠭᠤᠷ ᠯᠤᠤᠰ ᠤ᠋ᠨ ᠬᠠᠭᠠᠨ ᠪᠠ ᠃
ᠨᠠᠢ᠍ᠮᠠᠨ ᠯᠤᠤᠰ ᠪᠠ ᠭᠠᠵᠠᠷ ᠳᠡᠯᠡᠬᠡᠢ ᠃
ᠠᠭᠤᠯᠠ ᠤᠰᠤ ᠶ᠋ᠢᠨ ᠡᠵᠡᠳ ᠢᠷᠡᠳᠬᠦᠨ ᠃
ᠪᠠᠳᠠᠷᠠᠩᠭᠤᠢ ᠭᠠᠯ ᠤ᠋ᠨ ᠳᠣᠲᠣᠷ᠎ᠠ ᠃
ᠡᠯᠳᠡᠪ ᠰᠠᠩ ᠤ᠋ᠨ ᠡᠳ᠋ ᠢ᠋ ᠲᠦᠯᠡᠵᠦ ᠃
ᠣᠨᠢᠨ ᠣᠭᠲᠠᠷᠭᠤᠢ ᠶ᠋ᠢ ᠳᠦᠭᠦᠷᠭᠡᠨ᠃
ᠡᠭᠦᠨ ᠢ᠋ᠶ᠋ᠡᠷ ᠠᠷᠢᠭᠤᠯᠠᠮᠤ᠃
ᠡᠨᠡ ᠲᠠᠬᠢᠯ ᠢ᠋ᠶ᠋ᠠᠷ ᠪᠡᠶᠡᠰᠴᠦ ᠃
ᠬᠠᠷᠭᠢᠰ ᠨᠠᠢᠳᠠᠯ ᠬᠣᠣᠷ ᠢ᠋ ᠲᠡᠪᠴᠢᠵᠦ ᠃
ᠪᠢᠳᠡ ᠨᠥᠬᠥᠳ ᠰᠡᠯᠲᠡ ᠪᠦᠭᠦᠳᠡ ᠶ᠋ᠢᠨ ᠃
ᠬᠦᠰᠡᠯ ᠬᠡᠷᠡᠭ ᠦᠢᠯᠡᠰ ᠪᠦᠲᠦᠭᠡ ᠃
ᠮᠠᠭᠠᠳ ᠡᠨᠡᠷᠢᠬᠦᠢ ᠶ᠋ᠢ ᠪᠢᠰᠢᠯᠭᠠᠨ ᠃
ᠮᠠᠭᠠᠳ ᠬᠦᠨᠳᠦᠯᠡᠯ ᠢ᠋ᠶ᠋ᠡᠷ ᠮᠠᠭᠲᠠᠮᠤ ᠃
ᠮᠠᠭᠠᠳ ᠵᠢᠷᠭᠠᠯ ᠨᠠᠰᠤᠨ ᠪᠤᠶᠠᠨ ᠢ᠋᠃
ᠮᠠᠭᠠᠳ ᠲᠦᠷᠭᠡᠨ ᠥᠭᠭᠦᠨ ᠰᠣᠶᠣᠷᠬ᠎ᠠ᠃
ᠭᠤᠷᠪᠠᠨ ᠡᠷᠳᠡᠨᠢᠰ ᠦ᠋ᠨ ᠠᠳᠢᠰ ᠢ᠋ᠶ᠋ᠠᠷ ᠃
ᠯᠤᠤᠰ ᠤ᠋ᠨ ᠬᠠᠮᠤᠭ ᠵᠣᠪᠠᠯ ᠠᠷᠢᠯᠤᠨ ᠃
ᠠᠮᠢᠲᠠᠨ ᠢ᠋ᠶ᠋ᠠᠷ ᠠᠮᠤᠷ ᠵᠢᠷᠭᠠᠬᠤᠢ ᠶ᠋ᠢᠨ᠃
ᠥᠯᠵᠡᠢ ᠬᠤᠲᠤᠭ ᠣᠷᠣᠰᠢᠲᠤᠭᠠᠢ ᠅ ᠃ ᠅