ᠠᠭᠢАгиAgi ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠢАгиAgi

ᠠᠭᠢАгиAgi

2025-06-10

225

ᠠᠭᠢ

   ᠲᠤᠰ ᠡᠮ ᠪᠣᠯ ᠤᠳᠠᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠴᠠᠭᠠᠨ ᠠᠭᠢ ᠶ᠋ᠢᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠺᠠᠨᠪᠠ᠂ ᠺᠠᠨᠵᠠ᠂ ᠴᠠᠭᠠᠨ ᠺᠠᠨᠪᠠ᠂ ᠴᠠᠢᠪᠤᠷ ᠠᠭᠢ ᠭᠡᠳᠡᠭ᠃
   [ ᠤᠤᠯ ᠤᠷᠭᠤᠮᠠᠯ] ᠵᠢᠵᠢᠭ ᠬᠠᠭᠠᠰ ᠪᠤᠲᠠ ᠮᠣᠳᠣ᠃10~50cm ᠥᠨᠳᠥᠷ᠂ ᠪᠦᠬᠦ ᠪᠡᠶ᠎ᠡ ᠳ᠋ᠦ᠍ᠨᠢ ᠢᠬᠴᠤ ᠪᠤᠭᠤᠷᠤᠯ ᠲᠣᠷᠭᠠᠨ ᠦᠰᠦ ᠲᠡᠢ᠃ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠃ ᠣᠯᠠᠨ ᠡᠰᠢ ᠲᠡᠢ ᠪᠥᠭᠡᠳ ᠪᠣᠳᠠᠯᠠᠨ᠎ᠠ᠃ ᠡᠰᠢᠨ ᠦ᠌ ᠤᠭ ᠤ᠋ᠨ ᠬᠡᠰᠡᠭ ᠨᠢ ᠮᠣᠳᠣᠯᠢᠬᠵᠢᠵᠤ ᠲᠠᠰᠢᠭᠤ ᠪᠤᠶᠤ ᠰᠢᠯᠤᠭᠤᠨ ᠤᠷᠭᠤᠨ᠎ᠠ᠃ ᠨᠠᠪᠴᠢ ᠨᠢ ᠣᠬᠣᠷ ᠪᠠᠷᠢᠭᠤᠯ ᠲᠠᠢ ᠪᠤᠶᠤ ᠪᠠᠷᠢᠭᠤᠯ ᠦᠭᠡᠢ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠭᠦᠢᠴᠡᠳ ᠣᠨᠢ ᠲᠠᠢ᠂ ᠵᠢᠵᠢᠭ ᠰᠡᠵᠢᠭᠦᠷ ᠢᠯᠲᠠᠰᠤ ᠨᠢ ᠬᠠᠪᠲᠠᠭᠠᠢ ᠲᠡᠪᠡᠨᠡᠯᠢᠭ ᠪᠦᠰᠡ ᠬᠡᠯᠪᠡᠷᠢ ᠲᠡᠢ ᠪᠤᠶᠤ ᠪᠦᠰᠡ ᠬᠡᠯᠪᠡᠷᠢ ᠲᠡᠢ᠂2~5mm ᠤᠷᠲᠤ᠂0.5~1mm ᠥᠷᠭᠡᠨ᠂ ᠤᠭ ᠤ᠋ᠨ ᠬᠡᠰᠡᠭ ᠲᠡᠬᠢ ᠰᠡᠵᠢᠭᠦᠷ ᠢᠯᠲᠠᠰᠤ ᠨᠢ ᠡᠰᠢ ᠪᠡᠨ ᠪᠠᠭᠯᠠᠭᠠᠳ ᠲᠣᠰᠬᠣᠭᠤᠷ ᠨᠠᠪᠴᠢ ᠰᠢᠬ ᠪᠣᠯᠳᠠᠭ᠃ ᠳᠡᠭᠡᠷ᠎ᠡ ᠬᠡᠰᠡᠭ ᠲᠡᠬᠢ ᠨᠠᠪᠴᠢ ᠨᠢ ᠵᠢᠵᠢᠭ᠂3~5 ᠥᠳᠥᠯᠢᠭ ᠪᠤᠶᠤ ᠠᠯᠠᠭᠠᠯᠢᠭ ᠰᠢᠬᠠᠭᠤ ᠭᠦᠢᠴᠡᠳ ᠣᠨᠢ ᠲᠠᠢ᠂ ᠡᠰᠢᠨ ᠳᠡᠭᠡᠷᠡᠬᠢ ᠨᠠᠪᠴᠢ ᠨᠢ ᠣᠨᠢ ᠦᠭᠡᠢ᠂ ᠪᠦᠰᠡ ᠬᠡᠯᠪᠡᠷᠢ ᠲᠡᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠬᠠᠭᠠᠰ ᠪᠥᠮᠪᠦᠭᠡᠨ ᠬᠡᠯᠪᠡᠷᠢ ᠲᠡᠢ᠂ ᠳ᠋ᠢᠶᠠᠮᠧᠲ᠋ᠷ ᠨᠢ3~4mm᠂ ᠣᠬᠣᠷ ᠪᠠᠷᠢᠭᠤᠯ ᠲᠠᠢ᠂ ᠮᠠᠰᠢ ᠣᠯᠠᠨ᠂ ᠡᠰᠢᠨ ᠳᠡᠭᠡᠷ᠎ᠡ ᠪᠡᠨ ᠴᠠᠴᠤᠭ ᠬᠡᠯᠪᠡᠷᠢ ᠲᠡᠢ ᠪᠤᠶᠤ ᠱᠣᠷᠣᠯᠵᠢᠨ ᠬᠡᠯᠪᠡᠷᠢ ᠲᠡᠢ ᠪᠠᠭ ᠴᠡᠴᠡᠭ ᠪᠦᠷᠢᠯᠳᠦᠵᠦ᠂ ᠤᠨᠵᠢᠢᠨ ᠳᠡᠯᠭᠡᠷᠡᠨ᠎ᠡ᠃ ᠶᠡᠷᠦᠩᠬᠡᠢ ᠪᠠᠭᠯᠠᠭᠴᠢ ᠢᠯᠲᠠᠰᠤ ᠨᠢ3 ᠮᠥᠷ᠂ ᠲᠤᠩᠭᠠᠯᠠᠭ ᠬᠠᠯᠢᠰᠤᠯᠢᠭ᠂ ᠭᠣᠣᠯ ᠨᠢ ᠴᠠᠢᠪᠤᠷ ᠨᠣᠭᠣᠭᠠᠨ᠂ ᠮᠤᠬᠤᠷ ᠦᠵᠦᠭᠦᠷ ᠲᠡᠢ᠃ ᠬᠥᠪᠡᠭᠡ ᠳ᠋ᠡᠬᠢ ᠵᠢᠵᠢᠭ ᠴᠡᠴᠡᠭ ᠨᠢ ᠡᠮ᠎ᠡ ᠪᠡᠯᠭᠡ ᠲᠡᠢ᠂9~12 ᠬᠦᠢᠰ᠂ ᠴᠡᠴᠡᠭ ᠦ᠋ᠨ ᠳᠡᠯᠪᠢ ᠨᠢ ᠨᠠᠷᠢᠨ ᠴᠣᠷᠭᠣ ᠬᠡᠯᠪᠡᠷᠢ ᠲᠡᠢ᠂ ᠰᠢᠷᠠᠩᠭᠤᠢ ᠴᠠᠭᠠᠨ ᠥᠩᠭᠡ ᠲᠡᠢ᠂ ᠭᠣᠣᠯ ᠳ᠋ᠠᠬᠢ ᠵᠢᠵᠢᠭ ᠴᠡᠴᠡᠭ ᠨᠢ ᠬᠣᠣᠰ ᠪᠡᠯᠭᠡ ᠲᠡᠢ᠂ ᠮᠠᠰᠢ ᠣᠯᠠᠨ᠂ ᠴᠡᠴᠡᠭ ᠦ᠋ᠨ ᠳᠡᠯᠪᠢ ᠨᠢ ᠴᠣᠷᠭᠣᠯᠢᠭ ᠬᠤᠩᠬ᠎ᠠ ᠬᠡᠯᠪᠡᠷᠢ ᠲᠡᠢ᠂ ᠭᠦᠢᠬᠡᠨ ᠰᠢᠷ᠎ᠠ ᠥᠩᠭᠡ ᠲᠡᠢ᠃ ᠴᠡᠴᠡᠭ ᠦ᠋ᠨ ᠰᠠᠭᠤᠳᠠᠯ ᠨᠢ ᠭᠦᠳᠦᠭᠦᠷ᠂ ᠳᠡᠭᠡᠷ᠎ᠡ ᠨᠢ ᠦᠰᠦ ᠲᠡᠢ᠃ ᠲᠤᠷᠠᠩᠬᠠᠢ ᠵᠢᠮᠢᠰ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠪᠠᠷᠤᠭ1mm ᠤᠷᠲᠤ᠂ ᠬᠦᠷᠡᠩ ᠥᠩᠭᠡ ᠲᠡᠢ᠃8~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠬᠠᠢᠷ ᠴᠢᠯᠠᠭᠤᠲᠤ ᠠᠭᠤᠯᠠ ᠶ᠋ᠢᠨ ᠬᠠᠵᠠᠭᠤ᠂ ᠡᠯᠡᠰᠦᠨ ᠳᠣᠪᠣ᠂ ᠠᠲᠠᠷ ᠭᠠᠵᠠᠷ ᠲᠤ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠵᠢᠴᠢ ᠬᠥᠬᠡᠨᠠᠭᠤᠷ᠂ ᠭᠠᠨᠰᠦ᠂ ᠱᠠᠨᠰᠢ᠂ ᠲᠥᠪᠡᠳ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠬᠥᠷᠥᠰᠥᠨ ᠳᠡᠭᠡᠷᠡᠬᠢ ᠬᠡᠰᠡᠭ ᠢ᠋ ᠨᠢ ᠬᠠᠳᠤᠵᠤ ᠠᠪᠤᠭᠠᠳ᠂ ᠬᠣᠯᠢᠮᠠᠭ ᠵᠦᠢᠯ ᠢ᠋ ᠨᠢ ᠠᠷᠢᠯᠭᠠᠨ ᠬᠠᠶᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠬᠠᠭᠤᠷᠠᠢ᠂ ᠨᠦᠮᠵᠦᠭ ᠦᠭᠡᠢ᠂ ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠴᠢᠰᠤ ᠶ᠋ᠢ ᠵᠣᠭᠰᠣᠭᠠᠬᠤ᠂ ᠬᠠᠪᠤᠳᠠᠷ ᠢ᠋ ᠬᠠᠷᠢᠭᠤᠯᠬᠤ᠂ ᠴᠢᠭᠢᠬ᠎ᠠ ᠶ᠋ᠢ ᠨᠣᠮᠣᠬᠠᠳᠬᠠᠬᠤ ᠴᠢᠳᠠᠯ ᠲᠠᠢ᠃ ᠭᠣᠣᠯᠳᠠᠭᠤ ᠬᠠᠮᠠᠷ ᠠᠮᠠᠨ ᠠ᠋ᠴᠠ ᠴᠢᠰᠤ ᠭᠠᠷᠬᠤ᠂ ᠰᠠᠷ᠎ᠠ ᠶ᠋ᠢᠨ ᠭᠬᠢᠷ ᠴᠤᠪᠤᠷᠠᠬᠤ᠂ ᠰᠢᠷᠬᠠᠨ ᠠ᠋ᠴᠠ ᠴᠢᠰᠤ ᠭᠠᠷᠬᠤ᠂ ᠬᠠᠭᠤᠴᠢᠷᠠᠭᠰᠠᠨ ᠶᠠᠷ᠎ᠠ ᠬᠠᠪᠤᠳᠠᠷ᠂ ᠦᠶ᠎ᠡ ᠭᠡᠰᠢᠭᠦᠦ ᠬᠥᠰᠢᠵᠦ ᠲᠠᠬᠢᠷᠳᠠᠭᠰᠠᠨ᠂ ᠮᠢᠬᠠᠨ ᠤ᠋ ᠴᠢᠭᠢᠬ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 小白蒿 冷蒿
   ᠠᠩᠭ᠌ᠯᠢ ᠨᠡᠷ᠎ᠡ᠄ Artemisia frigida Willd

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ᠣᠶᠤᠨᠴᠢᠮᠡᠭ