1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠵᠠᠷ ᠤᠰᠤᠨ ᠤ᠋ ᠰᠠᠩГазар усны сан

ᠭᠠᠵᠠᠷ ᠤᠰᠤᠨ ᠤ᠋ ᠰᠠᠩГазар усны сан

ᠠᠩᠭᠢᠯᠠᠯ:ᠵᠠᠩ ᠦᠢᠯᠡ
2025-06-09

491

ᠭᠠᠵᠠᠷ ᠤᠰᠤᠨ ᠤ᠋ ᠰᠠᠩ

ᠨᠠᠮᠤ ᠬᠦᠷᠦ ᠭᠡᠭᠡᠨ ᠰᠠᠨᠰᠠᠷ ᠲᠡᠭᠷᠢ ᠮᠠᠩᠭᠤᠰ ᠬᠠᠮᠤᠭ ᠨᠠᠢ᠍ᠮᠠᠨ ᠠᠢᠮᠠᠭᠲᠠᠨ᠃ 
ᠭᠠᠵᠠᠷ ᠤᠰᠤᠨ ᠤ᠋ ᠡᠵᠡᠳ ᠬᠢᠭᠡᠳ ᠢᠯᠠᠩᠭᠤᠶ᠎ᠠ ᠡᠨᠳᠡᠬᠢ᠃ 
ᠡᠨᠡ ᠶᠡᠬᠡ ᠰᠦᠮ᠎ᠡ ᠬᠡᠢᠳ ᠦ᠋ᠨ ᠰᠢᠳᠠᠷ ᠣᠢᠷ᠎ᠠ ᠣᠷᠴᠢᠨ ᠤ᠋᠃ 
ᠨᠠᠭᠤᠷ ᠪᠤᠯᠠᠭ ᠬᠤᠳᠳᠤᠭ ᠬᠢᠭᠡᠳ ᠤᠷᠤᠰᠤᠭᠴᠢ ᠤᠰᠤᠨ ᠪᠠ᠃ 
ᠠᠭᠤᠯᠠ ᠬᠠᠳᠠ ᠵᠦᠯᠭᠡ ᠲᠠᠯ᠎ᠠ ᠰᠢᠭᠤᠢ ᠶᠡᠬᠡ ᠮᠣᠳᠣᠨ ᠪᠠ᠃ 
ᠪᠠᠯᠴᠢᠷ ᠪᠠ ᠶᠡᠬᠡ ᠵᠠᠮ ᠳ᠋ᠤᠷ ᠠᠵᠤ ᠣᠷᠣᠰᠢᠭᠰᠠᠨ ᠲᠡᠭᠷᠢ ᠯᠤᠤᠰ᠃ 
ᠪᠤᠯᠠᠭ ᠨᠠᠭᠤᠷ ᠤ᠋ᠨ ᠡᠬᠢ ᠬᠢᠭᠡᠳ ᠭᠠᠵᠠᠷ ᠤᠰᠤᠨ ᠤ᠋ ᠡᠵᠡᠳ ᠪᠠ᠃ 
ᠬᠥᠮᠦᠨ ᠬᠢᠭᠡᠳ ᠪᠦᠳᠢ ᠨᠠᠷ ᠪᠠ ᠵᠦᠢᠯᠳᠡᠨ ᠪᠦᠷᠢ ᠪᠦᠬᠦᠨ ᠳ᠋ᠦ᠍ᠷ᠃ 
ᠭᠤᠷᠪᠠᠨ ᠴᠠᠭᠠᠨ ᠲᠠᠯᠬ᠎ᠠ ᠲᠣᠰᠣ ᠲᠡᠷᠢᠭᠦᠯᠡᠨ ᠢᠳᠡᠭᠡᠨ᠃ 
ᠡᠯᠳᠡᠪ ᠦᠷ᠎ᠡ ᠵᠢᠮᠢᠰ ᠬᠢᠭᠡᠳ ᠰᠠᠢᠨ ᠤ᠋ ᠦᠨᠦᠷ ᠠᠩᠭᠢᠯᠠᠬᠤ᠃ 
ᠭᠬᠢᠪ ᠪᠠ ᠲᠣᠷᠭ᠎ᠠ ᠶ᠋ᠢᠨ ᠵᠦᠢᠯ ᠦ᠋ᠳ ᠬᠢᠭᠡᠳ ᠰᠠᠢᠨ ᠤ᠋ ᠦᠨᠦᠷ ᠠᠩᠬᠢᠯᠵᠤ᠃ 
ᠮᠣᠳᠣᠨ ᠪᠠ ᠡᠳ᠋ ᠪᠦᠬᠦᠨ ᠦ᠌ ᠡᠯᠳᠡᠪ ᠵᠦᠢᠯ ᠢ᠋ ᠨᠠᠢᠷᠠᠭᠤᠯᠤᠨ ᠲᠦᠯᠡᠭᠰᠡᠨ᠃ 
ᠤᠲᠤᠭᠠᠨ ᠤ᠋ ᠪᠤᠳᠠᠩ ᠬᠢᠭᠡᠳ ᠣᠭᠲᠠᠷᠭᠤᠢ ᠲᠦᠭᠡᠮᠡᠯ᠃ 
ᠪᠠᠰᠠ ᠪᠤᠰᠤ ᠢᠯᠡ ᠪᠠᠢᠬᠴᠢᠨ ᠬᠤᠪᠢᠯᠤᠭᠰᠠᠨ ᠲᠠᠬᠢᠯ ᠴᠢᠨᠠᠷ ᠡᠭᠦᠨ ᠢ᠋᠃ 
ᠪᠠᠶᠠᠰᠬᠤᠯᠠᠩ ᠡᠭᠦᠰᠬᠡᠭᠡᠳ ᠵᠠᠯᠪᠠᠷᠢᠵᠤ ᠳᠠᠬᠢᠮᠦ᠃ 
ᠰᠠᠢᠲᠤᠷ ᠪᠠᠰᠠ ᠵᠣᠭᠣᠭᠯᠠᠵᠤ ᠮᠠᠨ ᠳ᠋ᠤ᠌ ᠰᠢᠳᠢ ᠰᠣᠶᠣᠷᠬ᠎ᠠ᠅ 
ᠪᠢᠳᠡ ᠪᠦᠷᠢᠨ ᠦᠯᠦ ᠮᠡᠳᠡᠨ ᠮᠤᠩᠬᠠᠷᠠᠭᠰᠠᠨ ᠡᠷᠬᠡ ᠪᠡᠷ᠃ 
ᠲᠠᠨ ᠳ᠋ᠤᠷ ᠬᠣᠣᠷᠯᠠᠯ ᠬᠦᠷᠭᠡᠨ ᠶᠠᠮᠪᠠᠷ ᠭᠡᠮ ᠢ᠋ ᠬᠢᠪᠡᠴᠦ᠃ 
ᠠᠭᠤᠷ ᠬᠢᠯᠢᠩ ᠭᠦᠷᠦᠨ ᠬᠠᠷᠭᠢᠰ ᠦᠯᠦ ᠦᠢᠯᠡᠳᠦᠨ᠃ 
ᠭᠠᠩᠳᠠᠬᠤ ᠪᠠ ᠬᠢᠷᠠᠭᠤ ᠬᠢᠭᠡᠳ ᠲᠣᠭᠰᠢᠨ ᠮᠥᠨᠳᠥᠷ ᠣᠷᠣᠬᠤᠢ᠃ 
ᠠᠶᠤᠩᠭ᠎ᠠ ᠪᠠ ᠭᠢᠯᠪᠡᠯᠭᠡᠨ ᠪᠠ ᠭᠠᠯ ᠲᠦᠢᠮᠡᠷ ᠪᠣᠯᠬᠤ ᠪᠠ᠃ 
ᠦᠶᠡᠷ ᠤᠰᠤᠨ ᠭᠠᠷᠬᠤ ᠬᠢᠭᠡᠳ ᠤᠯᠠᠭᠠᠨ ᠰᠠᠯᠬᠢᠨ ᠬᠥᠳᠡᠯᠭᠦᠢ᠃ 
ᠭᠠᠵᠠᠷ ᠲᠠᠯ᠎ᠠ ᠡᠪᠳᠡᠷᠡᠵᠦ ᠶᠡᠬᠡ ᠭᠠᠮᠰᠢᠭ ᠪᠣᠯᠬᠤ ᠪᠠ᠃ 
ᠬᠥᠮᠦᠨ ᠮᠠᠯ ᠳ᠋ᠤᠷ ᠡᠮᠭᠡᠭ ᠪᠣᠯᠤᠨ ᠣᠯᠠᠨ ᠢᠷᠣ᠎ᠠ ᠪᠣᠯᠬᠤ ᠪᠠ᠃ 
ᠶᠢᠷᠳᠢᠨᠴᠤᠳᠡᠨ ᠲᠤᠷᠠᠬᠠᠨ ᠪᠣᠯᠤᠨ ᠢᠴᠢᠭᠦᠷᠢ ᠭᠠᠷᠬᠤ ᠪᠠ᠃ 
ᠮᠠᠯ ᠳ᠋ᠤᠷ ᠴᠢᠨᠣ᠎ᠠ ᠳᠣᠪᠲᠣᠯᠬᠤ ᠪᠠ ᠲᠡᠷᠢᠭᠦᠲᠡᠨ ᠠᠶᠤᠯᠲᠠᠨ᠃ 
ᠴᠢᠬᠤᠯᠠ ᠳᠠ ᠬᠥᠨᠦᠭᠡᠭᠴᠢ ᠬᠣᠣᠷ ᠢ᠋ ᠦᠯᠦ ᠦᠢᠯᠡᠳᠦᠨ᠃ 
ᠬᠤᠷ᠎ᠠ ᠤᠰᠤᠨ ᠴᠠᠭ ᠲᠤᠷ ᠣᠷᠣᠨ ᠲᠠᠷᠢᠶᠠᠨ ᠢ᠋ᠶ᠋ᠠᠷ ᠳᠡᠯᠭᠡᠷᠡ᠅ 
ᠮᠠᠯ ᠤ᠋ᠳ ᠦᠰᠦᠨ ᠠᠷᠪᠢᠳᠴᠤ ᠪᠠᠶᠠᠨ ᠰᠠᠢᠨ ᠢ᠋ᠶ᠋ᠠᠷ ᠪᠣᠯᠭᠠᠭᠲᠤᠨ᠃ 
ᠡᠷᠳᠡᠨᠢᠰ ᠦ᠋ᠨ ᠰᠠᠩ ᠤ᠋ᠨ ᠬᠦᠴᠦᠨ ᠡᠳ᠋ᠯᠡᠯ ᠮᠠᠰᠢ ᠪᠦᠷᠢᠳᠦᠨ᠃ 
ᠠᠮᠤᠷ ᠪᠠᠶᠠᠷ ᠵᠢᠷᠭᠠᠯᠠᠩ ᠢ᠋ ᠦᠷᠭᠦᠯᠵᠢᠳᠡ ᠬᠦᠷᠲᠡᠭᠡ᠃ 
ᠡᠨᠡ ᠵᠦᠭ ᠦ᠋ᠨ ᠬᠥᠮᠦᠨ ᠬᠢᠭᠡᠳ ᠬᠥᠮᠦᠨ ᠪᠤᠰᠤ ᠪᠦᠳᠢ ᠨᠠᠷ᠃ 
ᠠᠯᠢ ᠵᠦᠢᠯᠲᠡᠨ ᠠᠮᠢᠲᠠᠨ ᠢ᠋ᠶ᠋ᠠᠷ ᠠᠮᠤᠷ ᠴᠣᠭ ᠢ᠋ ᠣᠯᠤᠭᠠᠳ᠃ 
ᠨᠣᠮ ᠤ᠋ᠳ ᠯᠤᠭ᠎ᠠ ᠵᠣᠬᠢᠯᠳᠤᠵᠤ ᠮᠠᠭᠤ ᠰᠡᠳᠬᠢᠯ ᠵᠠᠰᠠᠷᠠᠨ᠃ 
ᠢᠯᠠᠭᠤᠭᠰᠠᠨ ᠤ᠋ ᠱᠠᠰᠢᠨ ᠨᠣᠮ ᠤ᠋ᠳ ᠠᠷᠪᠠᠨ ᠵᠦᠭ ᠲᠦ᠍ᠷ ᠪᠠᠳᠠᠷᠠᠨ᠃ 
ᠯᠠᠮ᠎ᠠ ᠬᠢᠭᠡᠳ ᠢᠳᠠᠮ ᠭᠤᠷᠪᠠᠨ ᠡᠷᠳᠡᠨᠢᠰ ᠦ᠋ᠨ ᠠᠳᠢᠰᠲᠢᠳ᠃ 
ᠱᠠᠰᠢᠨ ᠨᠣᠮ ᠤ᠋ᠨ ᠰᠠᠬᠢᠭᠤᠯᠰᠤᠨ ᠴᠢᠳᠠᠯ ᠬᠦᠴᠦᠨ ᠪᠦᠷᠢᠳᠦᠨ᠃ 
ᠰᠢᠲᠦᠯᠴᠡᠵᠦ ᠪᠠᠷᠢᠯᠳᠤᠭᠰᠠ ᠦᠨᠡᠨ ᠠᠵᠤ ᠲᠡᠭᠦᠨ ᠢ᠋ᠶ᠋ᠡᠷ᠃ 
ᠰᠠᠢᠨ ᠤ᠋ ᠵᠢᠷᠭᠠᠯ ᠵᠤᠨ ᠤ᠋ ᠶᠡᠬᠡ ᠨᠠᠭᠤᠷ ᠮᠡᠲᠦ ᠠᠷᠪᠢᠵᠢᠨ᠃ 
ᠳᠡᠯᠭᠡᠷᠡᠬᠦᠢ ᠶ᠋ᠢᠨ ᠥᠯᠵᠡᠢ ᠬᠤᠲᠤᠭ ᠣᠷᠣᠰᠢᠬᠤ ᠪᠣᠯᠲᠤᠭᠠᠢ ᠅ ᠃ ᠅    
 
  ᠰᠤᠳᠤᠷ ᠤ᠋ᠨ ᠦᠰᠦᠭ ᠢ᠋ ᠠᠮᠢᠯᠠᠭᠤᠯᠤᠭᠴᠢ ᠄ᠳᠡᠭᠰᠢᠮᠥ᠋ᠩᠬᠡ
  ᠬᠢᠨᠠᠭᠴᠢ᠄ᠬᠡᠢᠮᠣᠷᠢ ᠰᠦᠯᠵᠢᠶ᠎ᠡ ᠶ᠋ᠢᠨ ᠱᠠᠰᠢᠨ ᠰᠢᠲᠦᠯᠭᠡ ᠬᠣᠯᠪᠣᠭ᠎ᠠ