ᠠᠮᠲᠠᠲᠤ ᠵᠡᠭᠡᠰᠦАмтат зэгсAmtat zegs
ᠠᠮᠲᠠᠲᠤ ᠵᠡᠭᠡᠰᠦ
ᠲᠤᠰ ᠡᠮ ᠪᠣᠯ ᠭᠠᠬᠠᠢ ᠶ᠋ᠢᠨ ᠰᠡᠭᠦᠯ ᠡᠪᠡᠰᠦᠨ ᠦ᠌ ᠢᠵᠠᠭᠤᠷ ᠤ᠋ᠨ ᠤᠷᠭᠤᠮᠠᠯ ᠪᠣᠯᠬᠤ ᠭᠠᠬᠠᠢ ᠶ᠋ᠢᠨ ᠰᠡᠭᠦᠯ ᠡᠪᠡᠰᠦ ᠶ᠋ᠢᠨ ᠪᠦᠬᠦᠯᠢ ᠡᠪᠡᠰᠦ ᠮᠥᠨ᠃ ᠪᠠᠰᠠ ᠳ᠋ᠠᠮᠪᠤᠭᠠᠷᠡ ᠴᠣᠭ ᠭᠡᠳᠡᠭ᠃
[ ᠤᠤᠯ ᠤᠷᠭᠤᠮᠠᠯ] ᠤᠰᠤᠨ ᠳ᠋ᠤ᠌ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃10~60cm ᠥᠨᠳᠥᠷ᠂ ᠦᠨᠳᠦᠰᠦᠯᠢᠭ ᠡᠰᠢ ᠲᠡᠢ᠃ ᠤᠰᠤᠨ ᠠ᠋ᠴᠠ ᠳᠡᠭᠡᠭᠰᠢ ᠪᠦᠬᠦᠢ ᠡᠰᠢ ᠨᠢ ᠰᠢᠯᠤᠭᠤᠨ᠂ ᠰᠠᠯᠠᠭᠠᠯᠠᠬᠤ ᠦᠭᠡᠢ᠃ ᠨᠠᠪᠴᠢ ᠨᠢ4~12 ᠢᠯᠲᠠᠰᠤ ᠪᠠᠷ ᠳᠤᠭᠤᠢᠷᠠᠨ ᠤᠷᠭᠤᠨ᠎ᠠ᠂ ᠪᠦᠰᠡ ᠬᠡᠯᠪᠡᠷᠢ ᠲᠡᠢ᠂ ᠣᠨᠢ ᠭᠠᠷᠬᠤ ᠦᠭᠡᠢ᠂1~1.8cm ᠤᠷᠲᠤ᠂0.2cm ᠥᠷᠭᠡᠨ᠂ ᠵᠢᠭᠠᠬᠠᠨ ᠮᠤᠷᠤᠢ ᠪᠤᠶᠤ ᠠᠰᠬᠠᠨ᠃ ᠤᠰᠤᠨ ᠳ᠋ᠠᠬᠢ ᠡᠰᠢ ᠨᠢ ᠨᠡᠯᠢᠶᠡᠳ ᠤᠷᠲᠤ ᠮᠥᠷᠲᠡᠭᠡᠨ ᠬᠡᠪᠡᠷᠡᠭ᠃ ᠴᠡᠴᠡᠭ ᠨᠢ ᠵᠢᠵᠢᠭ᠂ ᠶᠡᠷᠦ ᠳ᠋ᠡᠭᠡᠨ ᠬᠣᠣᠰ ᠪᠡᠯᠭᠡ ᠲᠡᠢ᠂ ᠭᠠᠭᠴᠠ ᠪᠡᠯᠭᠡ ᠲᠡᠢ ᠨᠢ ᠴᠥᠭᠡᠨ᠂ ᠴᠡᠴᠡᠭ ᠨᠢ ᠪᠠᠷᠢᠭᠤᠯ ᠦᠭᠡᠢ᠂ ᠭᠠᠭᠴᠠᠭᠠᠷ ᠨᠠᠪᠴᠢᠨ ᠰᠤᠭᠤ ᠳ᠋ᠤ᠌ ᠳᠡᠯᠭᠡᠷᠡᠨ᠎ᠡ᠂ ᠴᠡᠴᠡᠭ ᠨᠢ ᠰᠢᠳᠠᠷ ᠦᠭᠡᠢ᠂1 ᠡᠷ᠎ᠡ ᠲᠣᠭᠣᠷᠴᠣᠭ ᠲᠠᠢ᠂ ᠤᠮᠠᠢ ᠨᠢ ᠬᠠᠵᠠᠭᠤ ᠲᠠᠯ᠎ᠠ ᠳ᠋ᠤᠨᠢ ᠪᠣᠢ᠃ ᠤᠮᠠᠢ ᠨᠢ ᠳᠣᠣᠷᠠᠲᠤ ᠣᠷᠣᠨ ᠲᠠᠢ᠂ ᠵᠣᠣᠪᠠᠩᠯᠢᠭ᠂ ᠶᠠᠰᠤᠲᠤ ᠵᠢᠮᠢᠰ ᠨᠢ ᠵᠤᠤᠪᠠᠩ ᠬᠡᠯᠪᠡᠷᠢ ᠲᠡᠢ᠃
[ ᠤᠷᠭᠤᠬᠤ ᠣᠷᠴᠢᠨ ᠬᠢᠭᠡᠳ ᠲᠠᠷᠬᠠᠴᠠ] ᠤᠰᠤ ᠲᠠᠢ ᠨᠠᠮᠤᠭ ᠭᠠᠵᠠᠷ ᠪᠤᠶᠤ ᠭᠣᠣᠯ ᠭᠣᠷᠣᠬ᠎ᠠ ᠶ᠋ᠢᠨ ᠤᠰᠤᠨ ᠳ᠋ᠤ᠌ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠬᠢᠭᠡᠳ ᠪᠠᠷᠠᠭᠤᠨ ᠡᠮᠦᠨᠡᠲᠦ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ]6~9 ᠳ᠋ᠦ᠍ᠭᠡᠷ ᠰᠠᠷ᠎ᠠ ᠳ᠋ᠤ᠌ ᠲᠡᠭᠦᠵᠦ ᠠᠪᠤᠭᠠᠳ᠂ ᠰᠢᠪᠡᠷ ᠰᠢᠷᠣᠢ ᠶ᠋ᠢ ᠨᠢ ᠤᠬᠢᠶᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠰᠡᠷᠢᠭᠦᠨ ᠴᠢᠨᠠᠷ ᠲᠠᠢ᠃ ᠮᠣᠬᠣᠳᠠᠭ᠂ ᠵᠥᠭᠡᠯᠡᠨ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠮᠠᠭᠤ ᠴᠢᠰᠤ ᠶ᠋ᠢ ᠲᠠᠲᠠᠬᠤ᠂ ᠠᠭᠤᠰᠬᠢᠨ ᠲᠠᠮᠢᠷ ᠢ᠋ ᠰᠠᠢᠵᠢᠷᠠᠭᠤᠯᠬᠤ ᠴᠢᠳᠠᠯ ᠲᠠᠢ᠃ ᠭᠣᠣᠯᠳᠠᠭᠤ ᠠᠭᠤᠰᠬᠢ᠂ ᠡᠯᠢᠭᠡᠨ ᠦ᠌ ᠬᠠᠭᠤᠴᠢᠷᠠᠭᠰᠠᠨ ᠬᠠᠯᠠᠭᠤᠨ᠂ ᠦᠭᠡᠷᠢ ᠴᠢᠰᠤ ᠲᠠᠢ ᠴᠡᠷᠯᠡᠬᠦ᠂ ᠶᠠᠰᠤᠨ ᠤ᠋ ᠬᠠᠯᠠᠭᠤᠨ᠂ ᠶᠠᠰᠤ ᠪᠡᠷᠲᠡᠭᠰᠡᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄杉叶藻
ᠠᠩᠭ᠌ᠯᠢ ᠨᠡᠷ᠎ᠡ᠄Hippuris uulgaris L.
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠠᠴᠢ᠄ ᠤᠷᠠᠨᠴᠢᠮᠡᠭ