ᠴᠢ – ᠪᠠᠪᠤᠤ ᠶ᠋ᠢᠨ ᡀᠬᠠᠪᠠᠰᠥ᠋ᠷᠦᠩ Чи – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ – ᠪᠠᠪᠤᠤ ᠶ᠋ᠢᠨ ᡀᠬᠠᠪᠠᠰᠥ᠋ᠷᠦᠩ Чи – Бавуугийн Лхагвасүрэн

ᠴᠢ – ᠪᠠᠪᠤᠤ ᠶ᠋ᠢᠨ ᡀᠬᠠᠪᠠᠰᠥ᠋ᠷᠦᠩ Чи – Бавуугийн Лхагвасүрэн

2025-06-04

340

ᠴᠢ

 
           ᠪᠠᠪᠤᠤ ᠶ᠋ᠢᠨ ᡀᠬᠠᠪᠠᠰᠥ᠋ᠷᠦᠩ  

 ᠴᠢ — ᠤᠰᠤᠨ ᠳᠡᠭᠡᠷ᠎ᠡ ᠪᠠᠭᠤᠭᠰᠠᠨ    
 ᠡᠭᠦᠯᠡᠨ ᠦ᠌ ᠵᠢᠷᠤᠭ ᠪᠠᠢᠵᠤ᠁     
 ᠤᠷᠤᠭᠤᠯ ᠢ᠋ᠶ᠋ᠠᠨ ᠬᠦᠷᠭᠡᠬᠦ ᠳ᠋ᠦ᠍ ᠤᠷᠠᠭᠳᠠᠯ᠎ᠠ᠃  

 ᠴᠢ — ᠤᠷᠢᠳᠤ ᠰᠥᠨᠢ ᠪᠡᠷ ᠢᠷᠡᠭᠡᠳ ᠶᠠᠪᠤᠭᠰᠠᠨ   
 ᠨᠢᠴᠦᠭᠦᠨ ᠬᠣᠩᠭᠣᠷ ᠵᠡᠭᠦᠳᠦ ᠪᠠᠢᠵᠤ᠁    
 ᠴᠣᠴᠢᠭᠠᠳ ᠰᠡᠷᠡᠬᠦ ᠳ᠋ᠦ᠍ ᠠᠷᠢᠯᠤᠯ᠎ᠠ᠁   

 ᠴᠢ — ᠤᠬᠠᠭᠠᠨ ᠤ᠋ ᠡᠷᠦᠬᠡ ᠳᠡᠷᠪᠡᠭᠦᠯᠦᠭᠰᠡᠨ    
 ᠨᠥᠮᠥᠭᠡᠨ ᠴᠠᠭᠠᠨ ᠰᠠᠯᠬᠢ ᠪᠠᠢᠵᠤ᠁     
 ᠥᠷᠯᠥᠭᠡ ᠳᠡᠷᠭᠡᠳᠡ ᠠᠯᠠᠭ᠎ᠠ᠁  

          ᠦᠰᠦᠭ ᠠᠮᠢᠯᠠᠭᠤᠯᠤᠭᠴᠢ᠄ ᠡᠩᠬᠡᠪᠠᠲᠤ  
                ᠦᠰᠦᠭ ᠬᠢᠨᠠᠭᠴᠢ᠄ ᠪᠠᠶᠠᠷᠴᠡᠴᠡᠭ