ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 50 Нэгэн ном тавцан үн өдөр үн тэмдэглэлээс – 50
ᠲᠡᠭᠡᠲᠡᠯ᠎ᠡ ᠪᠤᠷᠬᠠᠨ ᠤ᠋ ᠬᠥᠷᠥᠭ᠄ ᠡᠨᠳᠡ ᠬᠣᠶᠠᠷ ᠯᠣᠩᠬᠣ ᠪᠠᠢᠨ᠎ᠠ᠃ ᠨᠢᠭᠡ ᠨᠢ ᠬᠣᠭᠣᠰᠣᠨ᠂ ᠨᠢᠭᠡ ᠨᠢ ᠳᠦᠭᠦᠷᠡᠩ ᠬᠣᠭᠣᠯᠠ ᠰᠠᠪᠠᠯᠠᠵᠤ ᠪᠣᠢ᠃ ᠴᠢ ᠵᠥᠪᠬᠡᠨ ᠠᠵᠢᠭᠯᠠᠬᠤ ᠪᠠᠷ ᠳᠡᠮᠵᠢᠵᠦ ᠲᠡᠭᠦᠨ ᠦ᠌ ᠨᠢᠭᠡ ᠶ᠋ᠢ ᠰᠣᠩᠭᠣᠵᠤ ᠪᠣᠯᠤᠨ᠎ᠠ᠃ ᠦᠨᠡᠭᠡ᠄ ᠡᠨᠡ ᠬᠣᠶᠠᠷ ᠯᠣᠩᠬᠣᠨ ᠤ᠋ ᠨᠢᠭᠡ ᠨᠢ ᠬᠣᠭᠣᠰᠣᠨ᠂ ᠨᠢᠭᠡ ᠳᠦᠭᠦᠷᠡᠩ ᠬᠣᠭᠣᠯᠠ ᠲᠠᠢ ᠭᠡᠨ᠎ᠡ ᠤᠤ? ᠪᠢ ᠦᠵᠡᠪᠡᠯ ᠬᠣᠶᠠᠭᠤᠯᠠ ᠪᠠᠨ ᠬᠣᠭᠣᠰᠣᠨ ᠠ᠋! ᠡᠭᠦᠨ ᠢ᠋ ᠰᠣᠨᠣᠰᠤᠭᠰᠠᠨ ᠨᠢᠭᠡ ᠯᠣᠩᠬᠣ᠄ ᠪᠢ ᠰᠠᠶᠢ ᠬᠣᠭᠣᠰᠣᠨ ᠪᠢᠰᠢ᠁
ᠦᠨᠡᠭᠡ ᠲᠡᠭᠦᠨ ᠢ᠋ ᠰᠣᠩᠭᠣᠭᠰᠠᠨ ᠦᠭᠡᠢ ᠬᠠᠷᠢᠨ ᠨᠥᠭᠦᠭᠡ ᠨᠢᠭᠡ ᠳᠤᠭᠤᠢ ᠪᠠᠢᠭᠰᠠᠨ ᠯᠣᠩᠬᠣ ᠶ᠋ᠢ ᠨᠢ ᠰᠣᠩᠭᠣᠭᠰᠠᠨ ᠪᠠᠢᠯ᠎ᠠ᠃ ᠮᠡᠳᠡᠭᠡᠵᠢ ᠦᠨᠡᠭᠡ ᠶ᠋ᠢᠨ ᠰᠣᠩᠭᠣᠭᠰᠠᠨ ᠯᠣᠩᠬᠣ ᠨᠢ ᠳᠦᠭᠦᠷᠡᠩ ᠬᠣᠭᠣᠯᠠ ᠲᠠᠢ ᠪᠠᠢᠵᠠᠢ᠃
ᠰᠠᠮᠵᠠ ᠶᠡᠬᠡᠳᠡ ᠭᠠᠢᠬᠠᠵᠤ᠄ ᠴᠢ ᠶᠠᠭᠠᠬᠢᠵᠤ ᠡᠨᠡ ᠯᠣᠩᠬᠣᠨ ᠳ᠋ᠤ᠌ ᠬᠣᠭᠣᠯᠠ ᠲᠠᠢ ᠶ᠋ᠢ ᠮᠡᠳᠡᠭᠰᠡᠨ ᠪᠣᠢ?
ᠦᠨᠡᠭᠡ᠄ ᠳᠣᠲᠣᠷ᠎ᠠ ᠪᠠᠨ ᠬᠣᠭᠣᠰᠣᠨ ᠬᠥᠮᠦᠨ ᠬᠡᠵᠢᠶᠡᠳᠡ ᠪᠤᠰᠤᠳ ᠲᠤ ᠬᠣᠭᠣᠰᠣᠨ ᠭᠡᠵᠦ ᠬᠡᠯᠡᠭᠳᠡᠬᠦ ᠡᠴᠡ ᠠᠶᠤᠳᠠᠭ ᠶᠤᠮ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ