ᠡᠷᠬᠡ ᠴᠢᠯᠦᠭᠡ ᠶᠢ ᠪᠢ ᠁ – ᠪᠠᠪᠤᠤ ᠶ᠋ᠢᠨ ᡀᠬᠠᠪᠠᠰᠥ᠋ᠷᠦᠩ Эрх чөлөөг би ᠁ – Бавуугийн Лхагвасүрэн
ᠡᠷᠬᠡ ᠴᠢᠯᠦᠭᠡ ᠶᠢ ᠪᠢ ᠁
ᠡᠷᠬᠡ ᠴᠢᠯᠥᠭᠡ ᠶ᠋ᠢ ᠪᠢ᠁
ᠤᠬᠢᠯᠠᠵᠤ ᠪᠠᠢᠭ᠎ᠠ ᠬᠥᠮᠦᠨ ᠦ᠌ ᠳᠡᠷᠭᠡᠳᠡ
ᠢᠨᠢᠶᠡᠬᠦ ᠦᠭᠡᠢ ᠪᠠᠢᠵᠤ ᠡᠳ᠋ᠯᠡᠨ᠎ᠡ᠁
ᠡᠷᠬᠡ ᠳᠤᠷ᠎ᠠ ᠵᠣᠷᠭ᠎ᠠ ᠨᠠᠳᠠ ᠳ᠋ᠤ᠌ ᠪᠠᠢᠭ᠎ᠠ ᠳ᠋ᠤᠨᠢ
ᠢᠴᠢᠨ ᠪᠠᠢᠵᠤ ᠡᠳ᠋ᠯᠡᠨ᠎ᠡ᠁
ᠡᠷᠬᠡ ᠴᠢᠯᠥᠭᠡ ᠶ᠋ᠢ ᠪᠢ᠁
ᠡᠨᠡᠬᠡᠨ ᠵᠠᠶᠠᠭᠠᠨ ᠤ᠋ ᠰᠡᠢᠮᠡᠬᠡᠢ ᠳ᠋ᠦ᠍
ᠡᠷᠳᠦᠬᠦ ᠦᠭᠡᠢ ᠪᠠᠢᠵᠤ ᠡᠳ᠋ᠯᠡᠨ᠎ᠡ᠁
ᠡᠯᠪᠡᠭ ᠳᠡᠯᠪᠡᠭ ᠲᠦ᠍ ᠤᠮᠪᠠᠯ᠎ᠠ ᠴᠦ᠍
ᠪᠠᠷᠳᠠᠬᠤ ᠦᠭᠡᠢ ᠪᠠᠢᠵᠤ ᠡᠳ᠋ᠯᠡᠨ᠎ᠡ᠃
ᠡᠷᠬᠡ ᠴᠢᠯᠥᠭᠡ ᠶ᠋ᠢ ᠪᠢ᠁
ᠶᠠᠭᠠᠬᠢᠬᠤ ᠵᠠᠶᠠᠭ᠎ᠠ ᠪᠠᠨ ᠡᠰᠡ ᠮᠡᠳᠡᠵᠦ
ᠶᠠᠭᠠᠬᠢᠵᠤ ᠶᠠᠪᠤᠭᠰᠠᠨ ᠢ᠋ᠶ᠋ᠠᠨ ᠡᠰᠡ ᠮᠠᠷᠲᠠᠵᠤ ᠡᠳ᠋ᠯᠡᠨ᠎ᠡ᠁
ᠪᠤᠷᠤᠭᠤ ᠡᠳ᠋ᠯᠡᠭᠰᠡᠨ ᠢ᠋ᠶ᠋ᠡᠨ ᠮᠡᠳᠡᠷᠡᠬᠦ ᠶ᠋ᠢᠨ ᠴᠠᠭ ᠲᠠᠭᠠᠨ
ᠪᠤᠴᠠᠭᠠᠭᠠᠳ ᠪᠢ ᠥᠭᠴᠢᠬᠡᠨᠡ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
