ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 49 Нэгэн ном тавцан үн өдөр үн тэмдэглэлээс – 49 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 49 Нэгэн ном тавцан үн өдөр үн тэмдэглэлээс – 49

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 49 Нэгэн ном тавцан үн өдөр үн тэмдэглэлээс – 49

2025-06-03

138



       ᠨᠢᠭᠡ ᠤᠮᠳᠠᠭᠠᠨ ᠤ᠋ ᠺᠣᠮᠫᠠᠨᠢ ᠳᠤᠮᠳᠠᠳᠤ ᠳᠣᠷᠣᠨᠠᠲᠤ ᠣᠷᠣᠨ ᠳ᠋ᠤ᠌ ᠵᠠᠬ᠎ᠠ ᠳᠡᠯᠭᠡᠭᠦᠷ ᠨᠡᠭᠡᠭᠡᠬᠦ ᠭᠡᠵᠦ ᠨᠢᠭᠡ ᠪᠣᠷᠣᠯᠠᠭᠤᠯᠤᠭᠴᠢ ᠲᠣᠮᠢᠯᠠᠵᠠᠢ᠃ ᠭᠡᠪᠡᠴᠦ ᠡᠨᠡ ᠪᠣᠷᠣᠯᠠᠭᠤᠯᠭ᠎ᠠ ᠶ᠋ᠢᠨ ᠦᠷ᠎ᠡ ᠪᠦᠲᠦᠮᠵᠢ ᠥᠨᠳᠥᠷ ᠪᠣᠷᠣᠯᠠᠭᠤᠯᠤᠭᠴᠢ ᠨᠢ ᠶᠠᠭᠤ 
ᠴᠦ᠍ ᠣᠯᠤᠭᠰᠠᠨ ᠦᠭᠡᠢ ᠲᠠᠯᠠᠭᠠᠷ ᠬᠠᠷᠢᠵᠤ ᠢᠷᠡᠵᠡᠢ᠃  ᠳᠠᠷᠤᠭ᠎ᠠ ᠨᠢ ᠲᠡᠭᠦᠨ ᠡᠴᠡ ᠳᠤᠮᠳᠠᠳᠤ ᠳᠣᠷᠣᠨᠠᠲᠤ ᠣᠷᠣᠨ ᠤ᠋ ᠪᠠᠢᠳᠠᠯ ᠢ᠋ ᠠᠰᠠᠭᠤᠬᠤ ᠳ᠋ᠤ᠌ ᠪᠣᠷᠣᠯᠠᠭᠤᠯᠤᠭᠴᠢ᠄
      《ᠳᠤᠮᠳᠠᠳᠤ ᠳᠣᠷᠣᠨᠠᠲᠤ ᠶ᠋ᠢᠨ ᠬᠥᠮᠦᠨ ᠪᠢᠳᠡᠨ ᠦ᠌ ᠤᠮᠳᠠᠭᠠᠨ ᠢ᠋ ᠰᠣᠨᠣᠰᠴᠤ ᠥᠩᠭᠡᠷᠡᠭᠰᠡᠨ ᠦᠭᠡᠢ᠃ ᠪᠢ ᠪᠠᠰᠠ ᠠᠷᠠᠪ ᠦᠭᠡ ᠬᠡᠯᠡᠵᠦ ᠴᠢᠳᠠᠬᠤ ᠦᠭᠡᠢ᠂ ᠲᠡᠭᠡᠭᠡᠳ ᠪᠢ ᠭᠤᠷᠪᠠᠨ ᠵᠢᠷᠤᠭ ᠢ᠋ᠶ᠋ᠠᠷ ᠥᠪᠡᠷ ᠦ᠋ᠨ ᠤᠮᠳᠠᠭᠠᠨ ᠢ᠋ᠶ᠋ᠠᠨ ᠲᠠᠨᠢᠯᠴᠠᠭᠤᠯᠵᠠᠢ᠃ ᠨᠢᠭᠡᠳᠦᠭᠡᠷ ᠵᠢᠷᠤᠭ ᠲᠤ ᠨᠢᠭᠡ ᠬᠥᠮᠦᠨ ᠡᠯᠡᠰᠦᠨ ᠳᠤᠮᠳᠠ ᠶᠡᠬᠡ ᠶᠠᠳᠠᠷᠠᠯᠲᠠᠢ ᠨᠢᠷᠤᠭᠤ ᠪᠥᠬᠥᠢᠨ ᠶᠠᠪᠤᠵᠤ ᠪᠠᠢᠬᠤ ᠶ᠋ᠢ ᠵᠢᠷᠤᠵᠤ᠂ ᠬᠣᠶᠠᠳᠤᠭᠠᠷ ᠵᠢᠷᠤᠭ ᠲᠤ ᠲᠡᠷᠡ ᠬᠥᠮᠦᠨ ᠮᠠᠨ ᠤ᠋ ᠤᠮᠳᠠᠭᠠᠨ ᠢ᠋ ᠤᠤᠭᠤᠵᠤ ᠪᠠᠢᠬᠤ ᠶ᠋ᠢ ᠵᠢᠷᠤᠵᠤ᠂ ᠭᠤᠷᠪᠠᠳᠤᠭᠠᠷ ᠵᠢᠷᠤᠭ ᠲᠤ ᠲᠡᠷᠡ ᠬᠥᠮᠦᠨ ᠨᠢᠭᠤᠷ ᠳᠦᠭᠦᠷᠡᠩ ᠢᠨᠢᠶᠡᠳᠦ ᠲᠡᠢ ᠴᠣᠭ ᠰᠦᠯᠳᠡ ᠲᠡᠢ ᠤᠷᠤᠭᠰᠢᠯᠠᠵᠤ ᠪᠠᠢᠬᠤ ᠶ᠋ᠢ ᠵᠢᠷᠤᠵᠠᠢ᠃ ᠪᠢ ᠡᠨᠡᠬᠦ ᠵᠢᠷᠤᠭ ᠤ᠋ᠨ ᠤᠳᠬ᠎ᠠ ᠠᠭᠤᠯᠭ᠎ᠠ ᠳ᠋ᠤ᠌ ᠶᠡᠬᠡ ᠬᠠᠨᠤᠮᠵᠢᠲᠠᠢ ᠪᠣᠯᠬᠣᠷ ᠳᠠᠷᠤᠮᠯᠠᠵᠤ ᠣᠯᠠᠨ ᠭᠠᠵᠠᠷ ᠨᠠᠭᠠᠵᠠᠢ᠃》  
       ᠳᠠᠷᠤᠭ᠎ᠠ ᠨᠢ ᠲᠣᠯᠣᠭᠠᠢ ᠳᠣᠬᠢᠨ᠄
      《ᠡᠨᠡ ᠠᠷᠭ᠎ᠠ ᠶᠡᠬᠡ ᠰᠠᠢᠨ᠂ ᠭᠡᠪᠡᠴᠦ ᠶᠠᠭᠠᠬᠢᠭᠠᠳ ᠦᠷ᠎ᠡ ᠪᠦᠲᠦᠮᠵᠢ ᠦᠭᠡᠢ ᠪᠢᠯᠡ?》 ᠭᠡᠵᠦ ᠠᠰᠠᠭᠤᠬᠤ ᠳ᠋ᠤ᠌ ᠪᠣᠷᠣᠯᠠᠭᠤᠯᠤᠭᠴᠢ ᠶᠡᠬᠡ ᠰᠠᠨᠠᠭ᠎ᠠ ᠠᠯᠲᠠᠨ᠄
      《ᠠᠷᠠᠪ ᠬᠥᠮᠦᠨ ᠨᠣᠮ ᠦᠵᠡᠬᠦ ᠳ᠋ᠦ᠍ ᠪᠡᠨ ᠪᠠᠷᠠᠭᠤᠨ ᠠ᠋ᠴᠠ ᠵᠡᠭᠦᠨᠰᠢ ᠦᠵᠡᠳᠡᠭ ᠭᠡᠵᠦ ᠬᠡᠨ ᠮᠡᠳᠡᠯ᠎ᠡ ᠳᠧ!》 ᠭᠡᠵᠡᠢ᠃  

               ᠦᠰᠦᠭ ᠠᠮᠢᠯᠠᠭᠤᠯᠤᠭᠴᠢ᠄ ᠡᠩᠬᠡᠪᠠᠲᠤ  
                     ᠦᠰᠦᠭ ᠬᠢᠨᠠᠭᠴᠢ᠄ ᠪᠠᠶᠠᠷᠴᠡᠴᠡᠭ