ᠬᠡᠦᠬᠡᠳ ᠦᠨ ᠵᠢᠷᠤᠭᠰᠠᠨ ᠬᠥᠳᠡᠭᠡ – ᠪᠠᠪᠤᠤ ᠶ᠋ᠢᠨ ᡀᠬᠠᠪᠠᠰᠥ᠋ᠷᠦᠩ Хүүхдийн зурсан хөдөө ᠁ – Бавуугийн Лхагвасүрэн
ᠬᠡᠦᠬᠡᠳ ᠦᠨ ᠵᠢᠷᠤᠭᠰᠠᠨ ᠬᠥᠳᠡᠭᠡ
— ᠳᠡᠩᠳᠡᠭᠦᠦ ᠬᠥᠭᠡᠷᠦᠬᠦᠨ ᠮᠢᠨᠦ ᠠᠴᠢ ᠥᠬᠢᠨ ᠨᠠᠮᠤᠯᠤᠨ
ᠳᠡᠷᠭᠡᠳᠡ ᠮᠢᠨᠢ ᠵᠢᠷᠤᠭ ᠵᠢᠷᠤᠵᠤ ᠰᠠᠭᠤᠨ᠎ᠠ᠁
1
ᠪᠢ ᠬᠠᠷᠠᠬᠤ ᠳ᠋ᠤ᠌᠁
ᠭᠤᠷᠪᠠᠯᠵᠢᠨ ᠠᠭᠤᠯᠠᠰ
ᠳᠥᠷᠪᠡᠯᠵᠢᠨ ᠲᠠᠯ᠎ᠠ
ᠪᠥᠭᠡᠷᠡᠩᠬᠡᠢ ᠭᠡᠷ
ᠵᠤᠤᠪᠠᠩ ᠨᠠᠭᠤᠷ
ᠬᠥᠳᠡᠭᠡ᠁
ᠬᠥᠬᠡ ᠠᠭᠤᠯᠠᠰ
ᠨᠣᠭᠣᠭᠠᠨ ᠲᠠᠯ᠎ᠠ
ᠴᠠᠭᠠᠨ ᠭᠡᠷ
ᠬᠠᠷ᠎ᠠ ᠨᠠᠭᠤᠷ
ᠬᠥᠳᠡᠭᠡ᠁
2
ᠪᠢ ᠠᠰᠠᠭᠤᠬᠤ ᠳ᠋ᠤ᠌᠄
ᠰᠠᠷᠠᠴᠢᠭᠰᠠᠨ ᠵᠢᠷᠤᠭᠠᠰᠤ ᠨᠢ —
ᠰᠠᠯᠬᠢ ᠭᠡᠨ᠎ᠡ᠃
ᠰᠠᠳᠠᠷᠠᠭᠰᠠᠨ ᠵᠢᠷᠤᠭᠠᠰᠤ ᠨᠢ —
ᠵᠠᠮ ᠭᠡᠨ᠎ᠡ᠃
ᠪᠠᠭᠲᠠᠵᠤ ᠶᠠᠳᠠᠭᠰᠠᠨ ᠴᠡᠭ ᠤ᠋ᠳ ᠨᠢ —
ᠴᠡᠴᠡᠭ ᠭᠡᠨ᠎ᠡ᠃
ᠪᠠᠯᠠᠯᠤᠭᠤᠷᠳᠠᠭᠰᠠᠨ ᠬᠡᠰᠡᠭ ᠦ᠋ᠳ ᠨᠢ —
ᠴᠥᠯᠵᠢᠯᠲᠡ ᠭᠡᠨ᠎ᠡ᠃
ᠬᠥᠳᠡᠭᠡ᠁
ᠡᠨᠳᠡ ᠬᠥᠮᠦᠨ ᠠᠯᠠᠭ᠎ᠠ᠁
ᠭᠡᠵᠦ ᠠᠰᠠᠭᠤᠬᠤ ᠳ᠋ᠤ᠌
ᠨᠡᠭᠦᠴᠢᠬᠡᠭᠰᠡᠨ᠁ ᠭᠡᠪᠡ
ᠡᠨᠳᠡ ᠴᠢᠯᠠᠭᠤ ᠠᠯᠠᠭ᠎ᠠ᠁
ᠭᠡᠵᠦ ᠠᠰᠠᠭᠤᠬᠤ ᠳ᠋ᠤ᠌
ᠵᠥᠭᠡᠭᠡᠴᠢᠬᠡᠭᠰᠡᠨ᠁ ᠭᠡᠪᠡ᠃
ᠬᠥᠳᠡᠭᠡ᠁
2012 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
