ᠣᠪᠣᠭᠠᠨ ᠲᠠᠬᠢᠯᠭ᠎ᠠ ᠶ᠋ᠢᠨ ᠤᠩᠰᠢᠯᠭ᠎ᠠ- 《ᠠᠷᠢᠭᠤᠨ ᠰᠠᠩ》Овоон тахилгын уншлага-“ Аригун сан” ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠪᠣᠭᠠᠨ ᠲᠠᠬᠢᠯᠭ᠎ᠠ ᠶ᠋ᠢᠨ ᠤᠩᠰᠢᠯᠭ᠎ᠠ- 《ᠠᠷᠢᠭᠤᠨ ᠰᠠᠩ》Овоон тахилгын уншлага-“ Аригун сан”

ᠣᠪᠣᠭᠠᠨ ᠲᠠᠬᠢᠯᠭ᠎ᠠ ᠶ᠋ᠢᠨ ᠤᠩᠰᠢᠯᠭ᠎ᠠ- 《ᠠᠷᠢᠭᠤᠨ ᠰᠠᠩ》Овоон тахилгын уншлага-“ Аригун сан”

ᠠᠩᠭᠢᠯᠠᠯ:ᠵᠠᠩ ᠦᠢᠯᠡ
2025-06-08

4301

《ᠠᠷᠢᠭᠤᠨ ᠰᠠᠩ》

ᠣᠮ ᠠ ᠬᠣᠩ ᠅ 

ᠣᠮ ᠦᠯᠡᠮᠵᠢᠳᠡ ᠷᠠᠳᠨ᠎ᠠ ᠰᠠᠪᠠ ᠶ᠋ᠢᠨ ᠳᠣᠲᠣᠷᠠᠬᠢ ᠭᠠᠯ ᠤ᠋ᠨ ᠲᠡᠷᠡ ᠴᠣᠭᠴᠠ ᠳ᠋ᠤᠷ᠃ 
ᠠ ᠦᠨᠦᠷ ᠰᠠᠢᠲᠤ ᠬᠦᠵᠢ ᠶ᠋ᠢᠨ ᠡᠮ ᠦ᠋ᠳ ᠰᠠᠩ ᠤ᠋ᠨ ᠡᠳ᠋ ᠢ᠋ ᠲᠦᠯᠡᠵᠦ᠃ 
ᠬᠣᠩ ᠦᠵᠡᠭᠳᠡᠬᠦᠢ ᠶᠢᠯᠸᠢ ᠶ᠋ᠢᠨ ᠰᠢᠨᠤᠯ ᠪᠤᠵᠠᠷ ᠭᠡᠮ ᠢ᠋ ᠠᠷᠢᠯᠭᠠᠨ᠃ 
ᠾᠷᠢ ᠦᠨᠡᠮᠯᠡᠬᠦᠢ ᠬᠣᠭᠣᠰᠣᠨ ᠲᠥᠪ ᠲᠣᠷ ᠲᠠᠪᠤᠨ ᠽᠠᠨᠠ ᠪᠣᠯᠭᠠᠮᠤᠢ ᠅ ᠭᠤᠷᠪᠠᠨᠲᠠ
ᠵᠧ᠃ ᠠᠯᠢ ᠪᠠᠰᠠ ᠰᠠᠷᠠᠯ ᠦᠭᠡᠢ ᠨᠢᠰᠸᠠᠨᠢᠰ ᠤ᠋ᠨ ᠡᠷᠬᠡ ᠪᠡᠷ᠃ 
ᠠᠴᠢ ᠲᠡᠭᠦᠰ ᠯᠠᠮ᠎ᠠ ᠨᠠᠷ ᠢ᠋ ᠪᠤᠵᠠᠷᠯᠠᠭᠰᠠᠨ ᠪᠥᠭᠡᠰᠦ᠃ 
ᠠᠷᠢᠭᠤᠯᠠᠨ ᠰᠠᠩ ᠤ᠋ᠨ ᠣᠨᠢᠨ ᠡᠭᠦᠯᠡᠰ ᠦ᠋ᠨ ᠡᠷᠬᠡ ᠪᠡᠷ᠃ 
ᠠᠷᠢᠯᠤᠭᠰᠠᠨ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ ᠃ 
ᠴᠤᠬᠠᠭ ᠭᠤᠷᠪᠠᠨ ᠡᠷᠳᠡᠨᠢᠰ ᠢ᠋ ᠪᠤᠵᠠᠷᠯᠠᠭᠰᠠᠨ ᠪᠥᠭᠡᠰᠦ ᠃ 
ᠴᠣᠭᠲᠤ ᠨᠣᠮ ᠤ᠋ᠨ ᠲᠥᠪ ᠲᠣᠷ ᠢ᠋ᠶ᠋ᠠᠨ ᠠᠷᠢᠭᠤᠳᠬᠤ ᠪᠣᠯᠲᠤᠭᠠᠢ ᠃ 
ᠠᠮᠤᠷᠯᠢᠩᠭᠤᠢ ᠭᠡᠯᠦᠩ ᠲᠠᠨ ᠢ᠋ ᠪᠤᠵᠠᠷᠯᠠᠭᠰᠠᠨ ᠪᠥᠭᠡᠰᠦ᠃ 
ᠠᠳᠬᠠᠭ ᠦᠭᠡᠢ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ᠃ 
ᠪᠣᠳᠢᠰᠠᠳ᠋ᠸ᠎ᠠ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠪᠤᠴᠠᠯ ᠦᠭᠡᠢ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ᠃ 
ᠡᠬᠡ ᠷᠠᠭᠢᠨᠢᠰ ᠶ᠋ᠢᠨ ᠴᠢᠭᠤᠯᠭᠠᠨ ᠢ᠋ ᠪᠤᠵᠠᠷᠯᠠᠭᠰᠠᠨ ᠪᠥᠭᠡᠰᠦ᠃ 
ᠡᠷᠬᠢᠮ ᠨᠣᠮ ᠤ᠋ᠨ ᠲᠥᠪ ᠲᠣᠷ ᠢ᠋ᠶ᠋ᠠᠨ ᠠᠷᠢᠭᠤᠳᠬᠤ ᠪᠣᠯᠲᠤᠭᠠᠢ᠃ 
ᠰᠠᠬᠢᠭᠤᠯᠰᠤᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠰᠠᠢᠨ ᠤ᠋ ᠭᠡᠭᠡᠨ ᠬᠣᠭᠤᠰᠤᠨ᠎ᠠ ᠠᠷᠢᠭᠤᠳᠬᠤ ᠪᠣᠯᠲᠤᠭᠠᠢ᠃ 
ᠡᠰᠷᠦᠨ ᠲᠩᠷᠢᠰ ᠦ᠋ᠨ ᠴᠢᠭᠤᠯᠭᠠᠨ ᠢ᠋ ᠪᠤᠵᠠᠷᠯᠠᠭᠰᠠᠨ ᠪᠥᠭᠡᠰᠦ᠃ 
ᠡᠨᠳᠡᠯ ᠦᠭᠡᠢ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ᠃ 
ᠲᠠᠪᠤᠨ ᠬᠠᠮᠲᠤ ᠲᠥᠷᠥᠭᠰᠡᠨ ᠢ᠋ ᠪᠤᠵᠠᠷᠯᠠᠭᠰᠠᠨ ᠪᠥᠭᠡᠰᠦ᠃ 
ᠲᠠᠩᠰᠤᠭ ᠭᠡᠭᠡᠨ ᠬᠣᠭᠤᠰᠤᠨ᠎ᠠ ᠠᠷᠢᠭᠤᠳᠬᠤ ᠪᠣᠯᠲᠤᠭᠠᠢ᠃ 
ᠡᠳ᠋ ᠦ᠋ᠨ ᠲᠡᠭᠷᠢ ᠶ᠋ᠢᠨ ᠴᠢᠭᠤᠯᠭᠠᠨ ᠢ᠋ ᠪᠤᠵᠠᠷᠯᠠᠭᠰᠠᠨ ᠪᠥᠭᠡᠰᠦ᠃ 
ᠡᠷᠬᠢᠮ ᠬᠦᠵᠢ ᠶ᠋ᠢᠨ ᠣᠨᠢᠨ ᠢ᠋ᠶ᠋ᠠᠷ ᠠᠷᠢᠭᠤᠳᠬᠤ ᠪᠣᠯᠲᠤᠭᠠᠢ᠃ 
ᠬᠡᠰᠢᠭ ᠴᠣᠭ ᠤ᠋ᠨ ᠲᠡᠭᠷᠢ ᠶ᠋ᠢ ᠪᠤᠵᠠᠷᠯᠠᠭᠰᠠᠨ ᠪᠥᠭᠡᠰᠦ ᠃
ᠬᠢᠯᠢᠩ ᠦᠭᠡᠢ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ᠃ 
ᠣᠪᠠᠰᠢᠭ᠎ᠠ ᠴᠣᠭ ᠤ᠋ᠨ ᠰᠤᠺᠠᠸᠠᠳᠢ ᠶ᠋ᠢ ᠪᠤᠵᠠᠷᠯᠠᠭᠰᠠᠨ ᠪᠥᠭᠡᠰᠦ᠃ 
ᠣᠰᠣᠯ ᠦᠭᠡᠢ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ᠃ 
ᠡᠷᠳᠡᠨᠢᠰ ᠪᠠ ᠮᠠᠯ ᠤ᠋ᠨ ᠲᠡᠭᠷᠢ ᠶ᠋ᠢ ᠪᠤᠵᠠᠷᠯᠠᠭᠰᠠᠨ ᠪᠥᠭᠡᠰᠦ᠃ 
ᠡᠭᠡᠨᠡᠭᠲᠡ ᠠᠷᠢᠭᠤᠨ᠎ᠠ ᠠᠷᠢᠭᠤᠳᠬᠤ ᠪᠣᠯᠲᠤᠭᠠᠢ ᠃ 
ᠡᠭᠦᠳᠡ ᠪᠠ ᠭᠡᠷ ᠶ᠋ᠢᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠡᠨᠡ ᠳᠠᠷᠤᠢ ᠠᠷᠢᠭᠤᠨ᠎ᠠ ᠠᠷᠢᠭᠤᠳᠬᠤ ᠪᠣᠯᠲᠤᠭᠠᠢ ᠃ 
ᠰᠦᠮ᠎ᠡ ᠬᠡᠢᠳ ᠦ᠋ᠨ ᠰᠠᠬᠢᠭᠤᠯᠰᠤᠨ ᠢ᠋ ᠪᠤᠵᠠᠷᠯᠠᠭᠰᠠᠨ ᠪᠥᠭᠡᠰᠦ ᠃ 
ᠰᠦᠷᠲᠦ ᠭᠡᠭᠡᠨ ᠬᠣᠭᠤᠰᠤᠨ᠎ᠠ ᠠᠷᠢᠭᠤᠳᠬᠤ ᠪᠣᠯᠲᠤᠭᠠᠢ ᠃ 
ᠪᠠᠯᠭᠠᠰᠤᠨ ᠪᠠ ᠬᠣᠲᠠ ᠶ᠋ᠢᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠪᠠᠶᠠᠷ ᠠᠮᠤᠷ ᠬᠣᠭᠤᠰᠤᠨ᠎ᠠ ᠠᠷᠢᠭᠤᠳᠬᠤ ᠪᠣᠯᠲᠤᠭᠠᠢ᠃ 
ᠵᠢᠭᠤᠯᠴᠢᠨ ᠪᠠ ᠵᠠᠮ ᠤ᠋ᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠵᠢᠷᠭᠠᠯᠠᠩᠲᠤ ᠨᠣᠮ ᠤ᠋ᠨ ᠲᠥᠪ ᠲᠣᠷ ᠠᠷᠢᠭᠤᠳᠬᠤ ᠪᠣᠯᠲᠤᠭᠠᠢ ᠃ 
ᠬᠤᠳᠳᠤᠭ ᠤᠰᠤᠨ ᠨᠤᠲᠤᠭ ᠤ᠋ᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠬᠤᠳᠬᠤᠯᠠᠭᠰᠠᠨ ᠮᠠᠭᠤ ᠭᠡᠮ ᠦ᠋ᠳ ᠠᠷᠢᠭᠤᠳᠬᠤ ᠪᠣᠯᠲᠤᠭᠠᠢ ᠃ 
ᠬᠠᠮᠤᠭ ᠡᠯ᠎ᠡ ᠯᠤᠤᠰ ᠨᠤᠭᠤᠳ ᠢ᠋ ᠪᠤᠵᠠᠷᠯᠠᠭᠰᠠᠨ ᠪᠥᠭᠡᠰᠦ ᠃ 
ᠬᠠᠩᠬᠤ ᠮᠡᠲᠦ ᠣᠨᠢᠨ ᠢ᠋ᠶ᠋ᠠᠷ ᠠᠷᠢᠭᠤᠳᠬᠤ ᠪᠣᠯᠲᠤᠭᠠᠢ᠃ 
ᠭᠠᠵᠠᠷ ᠤᠰᠤᠨ ᠡᠵᠡᠳ ᠢ᠋ ᠪᠤᠵᠠᠷᠯᠠᠭᠰᠠᠨ ᠪᠥᠭᠡᠰᠦ ᠃ 
ᠭᠠᠭᠴᠠᠮᠦᠰᠦᠨ ᠬᠣᠭᠤᠰᠤᠨ᠎ᠠ ᠠᠷᠢᠭᠤᠳᠬᠤ ᠪᠣᠯᠲᠤᠭᠠᠢ᠃ 
ᠤᠳᠬᠤᠨ ᠭᠠᠯ ᠤ᠋ᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠣᠨᠢᠨ ᠰᠠᠩ ᠤ᠋ᠨ ᠦᠨᠦᠷ ᠢ᠋ᠶ᠋ᠡᠷ ᠠᠷᠢᠭᠤᠳᠬᠤ ᠪᠣᠯᠲᠤᠭᠠᠢ ᠃ 
ᠤᠷᠲᠤ ᠬᠠᠷᠰᠢ ᠶ᠋ᠢᠨ ᠲᠡᠭᠷᠢ ᠶ᠋ᠢ ᠪᠤᠵᠠᠷᠯᠠᠭᠰᠠᠨ ᠪᠥᠭᠡᠰᠦ ᠃ 
ᠣᠰᠣᠯᠳᠠᠭᠰᠠᠨ ᠬᠠᠮᠤᠭ ᠭᠡᠮ ᠦ᠋ᠳ ᠠᠷᠢᠭᠤᠳᠬᠤ ᠪᠣᠯᠲᠤᠭᠠᠢ ᠃ 
ᠪᠤᠰᠤ ᠪᠠᠰᠠ ᠬᠠᠮᠤᠭ ᠡᠯ᠎ᠡ ᠲᠠᠬᠢᠭᠳᠠᠬᠤ ᠪᠦᠭᠦᠳᠡ᠃ 
ᠪᠤᠵᠠᠷᠯᠠᠭᠰᠠᠨ ᠪᠥᠭᠡᠰᠦ ᠪᠡᠷ ᠠᠷᠢᠭᠤᠳᠬᠤ ᠪᠣᠯᠲᠤᠭᠠᠢ ᠅ 
ᠵᠧ᠃ ᠠᠮᠢᠳᠤᠰ ᠤ᠋ᠨ ᠬᠦᠯᠢᠯ ᠮᠡᠩᠭᠡ ᠦᠬᠦᠭᠰᠡᠳ ᠦ᠋ᠨ ᠬᠡᠭᠦᠷ ᠪᠠ ᠃ 
ᠬᠤᠳᠠᠯᠳᠤᠭᠠᠨ ᠤ᠋ ᠬᠠᠷᠰᠢ ᠬᠢᠭᠡᠳ ᠵᠢᠭᠤᠯᠴᠢᠨ ᠤ᠋ ᠬᠠᠷᠰᠢ ᠪᠠ᠃ 
ᠬᠠᠷᠢᠶᠠᠯ ᠪᠠ ᠦᠵᠡᠯ ᠵᠠᠰᠠᠯ ᠠᠢᠯ ᠤ᠋ᠨ ᠬᠠᠷᠰᠢ ᠰᠢᠯᠴᠡᠭᠡᠨ᠃ 
ᠵᠠᠮ ᠤ᠋ᠨ ᠬᠠᠷᠰᠢ ᠪᠡᠷᠢ ᠶ᠋ᠢᠨ ᠬᠠᠷᠰᠢ ᠪᠡᠯᠪᠡᠰᠦᠨ ᠦ᠌ ᠬᠠᠷᠰᠢ ᠪᠠ᠃ 
ᠰᠠᠷ᠎ᠠ ᠶ᠋ᠢᠨ ᠪᠡᠯᠭᠡ ᠴᠤᠪᠤᠷᠢᠭᠰᠠᠨ ᠰᠠᠮᠠᠭᠤᠨ ᠭᠡᠮ ᠳ᠋ᠦ᠍ᠷ ᠰᠢᠨᠤᠭᠰᠠᠨ ᠃ 
ᠣᠯᠠᠨ ᠡᠷ᠎ᠡ ᠳᠠᠪᠲᠠᠭᠳᠠᠭᠰᠠᠨ ᠬᠡᠭᠦᠰᠡᠷ ᠦ᠋ᠨ ᠪᠤᠵᠠᠷ ᠪᠠ᠃ 
ᠡᠷᠬᠡᠲᠡᠨ ᠨᠢ ᠢᠯᠡᠭᠦᠦ ᠳᠤᠲᠠᠭᠤ ᠥᠯᠵᠡᠢ ᠦᠭᠡᠢ ᠶ᠋ᠢᠨ ᠪᠤᠵᠠᠷ ᠪᠠ᠃ 
ᠬᠤᠯᠤᠭᠠᠨ᠎ᠠ ᠶᠠᠷ᠎ᠠ ᠬᠢᠵᠢᠭ ᠬᠢᠭᠡᠳ ᠬᠦᠷᠦᠯᠴᠡᠬᠦᠢ ᠶ᠋ᠢᠨ ᠬᠣᠣᠷ ᠪᠠ᠃ 
ᠮᠠᠭᠤ ᠪᠤᠷᠲᠠᠭ ᠬᠠᠯᠳᠠᠪᠤᠷᠢ ᠬᠢᠵᠢᠭ ᠭᠬᠢᠷ ᠡᠬᠢᠯᠡᠨ᠃ 
ᠠᠳᠠ ᠲᠦᠢᠳᠬᠡᠷ ᠵᠡᠳᠬᠡᠷ ᠪᠦᠬᠦᠢ ᠡᠪᠡᠳᠴᠢᠨ ᠦ᠌ ᠪᠤᠵᠠᠷ ᠪᠠ᠃ 
ᠠᠨᠳᠠᠭ᠎ᠠ ᠶ᠋ᠢ ᠵᠥᠷᠢᠴᠡᠭᠰᠡᠨ ᠶᠣᠰᠣ ᠪᠤᠰᠤ ᠣᠷᠣᠭᠰᠠᠨ ᠃ 
ᠲᠥᠷᠥᠯ ᠢ᠋ᠶ᠋ᠡᠨ ᠠᠪᠤᠯᠴᠠᠭᠰᠠᠨ ᠠᠯᠠᠯᠴᠠᠭᠰᠠᠨ ᠪᠤᠵᠠᠷ ᠪᠠ ᠃ 
ᠪᠢᠨᠠᠢ ᠶ᠋ᠢᠨ ᠵᠠᠰᠠᠭ ᠡᠪᠳᠡᠷᠡᠭᠰᠡᠨ ᠲᠠᠷᠨᠢ ᠶ᠋ᠢᠨ ᠲᠠᠩᠭᠠᠷᠢᠭ ᠳᠠᠪᠠᠭᠰᠠᠨ᠃ 
ᠪᠣᠳᠢᠰᠠᠳ᠋ᠸ᠎ᠠ ᠶ᠋ᠢᠨ ᠰᠤᠷᠲᠠᠯ ᠯᠤᠭ᠎ᠠ ᠬᠠᠷᠰᠢᠯᠠᠭᠰᠠᠨ ᠪᠤᠵᠠᠷ ᠪᠠ᠃ 
ᠬᠠᠩᠭ᠎ᠠ ᠬᠢᠭᠡᠳ ᠬᠡᠩᠰᠢᠭᠦᠨ ᠪᠠ ᠵᠣᠯᠢᠭ ᠬᠠᠢᠰᠤ ᠶ᠋ᠢᠨ ᠪᠤᠵᠠᠷ ᠪᠠ᠃ 
ᠡᠳ᠋ ᠦ᠋ᠨ ᠪᠤᠵᠠᠷ ᠮᠠᠯ ᠤ᠋ᠨ ᠪᠤᠵᠠᠷ ᠢᠳᠡᠭᠡᠨ ᠦ᠌ ᠪᠤᠵᠠᠷ ᠪᠠ᠃ 
ᠰᠠᠪᠠ ᠶ᠋ᠢᠨ ᠪᠤᠵᠠᠷ ᠬᠤᠪᠴᠠᠰᠤᠨ ᠤ᠋ ᠪᠤᠵᠠᠷ ᠬᠢᠭᠡᠳ ᠪᠠᠰᠠ ᠪᠠᠷ᠃ 
ᠮᠠᠭᠤ ᠦᠨᠦᠷ ᠦᠨᠦᠷᠲᠦᠭᠰᠡᠨ ᠮᠠᠭᠤ ᠠᠮᠲᠠ ᠶ᠋ᠢᠨ ᠪᠤᠵᠠᠷ ᠪᠠ᠃ 
ᠬᠡᠯᠡ ᠠᠮᠠ ᠵᠠᠷᠭᠤ ᠬᠡᠷᠡᠭᠦᠯ ᠶᠠᠯ᠎ᠠ ᠶᠠᠩᠬ᠎ᠠ ᠶ᠋ᠢᠨ ᠪᠤᠵᠠᠷ ᠪᠠ᠃ 
ᠶᠠᠷᠭᠠᠴᠢᠨ ᠤ᠋ ᠪᠤᠵᠠᠷ ᠬᠢᠭᠡᠳ ᠤᠯᠠᠢ ᠶ᠋ᠢᠨ ᠪᠤᠵᠠᠷ ᠪᠤᠷᠲᠠᠭ ᠭᠡᠮ ᠃
ᠲᠡᠳᠡᠭᠡᠷ ᠢ᠋ᠶ᠋ᠡᠷ ᠲᠡᠷᠢᠭᠦᠯᠡᠨ ᠠᠯᠢ ᠪᠣᠯᠬᠤᠨ ᠪᠤᠵᠠᠷ ᠤ᠋ᠨ᠃ 
ᠰᠢᠯᠲᠠᠭᠠᠨ ᠢ᠋ᠶ᠋ᠠᠷ ᠬᠥᠮᠦᠨ ᠪᠦᠷᠢ ᠶ᠋ᠢᠨ ᠪᠡᠶ᠎ᠡ ᠬᠡᠯᠡ ᠰᠡᠳᠬᠢᠯ ᠳ᠋ᠦ᠍ᠷ ᠃ 
ᠪᠤᠵᠠᠷ ᠪᠣᠯᠤᠨ ᠲᠦᠰᠢᠭ ᠲᠡᠭᠷᠢ ᠵᠠᠢᠯᠠᠨ ᠰᠠᠯᠵᠤ ᠣᠲᠣᠭᠠᠳ᠃ 
ᠮᠠᠬᠠᠪᠣᠳ ᠢ᠋ᠶ᠋ᠠᠷ ᠬᠢᠮᠤᠷᠠᠵᠤ ᠡᠪᠡᠳᠴᠢᠨᠲᠦ ᠪᠣᠯᠤᠭᠰᠠᠨ ᠃ 
ᠪᠤᠵᠠᠷ ᠪᠦᠬᠦᠨ ᠠᠮᠤᠷᠯᠢᠵᠤ ᠠᠷᠢᠭᠤᠳᠬᠤ ᠪᠣᠯᠲᠤᠭᠠᠢ᠃
ᠮᠠᠭᠤ ᠪᠡᠯᠭᠡ ᠮᠠᠭᠤ ᠢᠷᠣ᠎ᠠ ᠶ᠋ᠢᠨ ᠵᠡᠭᠦᠳᠦ ᠪᠡᠷ ᠡᠬᠢᠯᠡᠨ ᠃ 
ᠮᠠᠭᠤ ᠪᠤᠵᠠᠷ ᠪᠤᠷᠲᠠᠭ ᠤ᠋ᠳ ᠠᠷᠢᠭᠤᠳᠬᠤ ᠪᠣᠯᠲᠤᠭᠠᠢ ᠅ 
ᠵᠧ᠃
ᠠᠯᠢ ᠪᠠᠰᠠ ᠬᠠᠮᠤᠭ ᠡᠯ᠎ᠡ ᠪᠤᠵᠠᠷ ᠭᠡᠮ ᠦ᠋ᠨ ᠰᠢᠯᠲᠠᠭ ᠢ᠋ᠶ᠋ᠠᠷ᠃ 
ᠮᠡᠷᠭᠡᠨ ᠪᠢᠯᠢᠭ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠴᠢᠩᠳᠠ ᠵᠣᠷᠢᠭ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠣᠷᠣᠨ ᠭᠡᠷ ᠪᠤᠵᠠᠷᠳᠠᠭᠰᠠᠨ ᠠᠷᠢᠭᠤᠳᠬᠤ ᠪᠣᠯᠲᠤᠭᠠᠢ ᠃
ᠨᠤᠲᠤᠭ ᠭᠠᠵᠠᠷ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠬᠤᠳᠳᠤᠭ ᠤᠰᠤᠨ ᠪᠤᠵᠠᠷᠳᠠᠭᠰᠠᠨ ᠠᠷᠢᠭᠤᠳᠬᠤ ᠪᠣᠯᠲᠤᠭᠠᠢ ᠃
ᠨᠥᠬᠥᠳ ᠠᠢᠯ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠮᠠᠯ ᠤ᠋ᠨ ᠥᠰᠬᠦᠢ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠮᠣᠷᠢ ᠶ᠋ᠢᠨ ᠬᠤᠷᠳᠤᠨ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠬᠤᠪᠴᠠᠰᠤ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠢᠳᠡᠭᠡᠨ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠡᠳ᠋ ᠪᠠ ᠰᠠᠪᠠ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠲᠠᠷᠢᠶ᠎ᠠ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ ᠃ 
ᠦᠷ᠎ᠡ ᠰᠢᠮᠡᠰ  ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠰᠢᠲᠦᠭᠡᠨ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠲᠦᠰᠢᠭ ᠲᠡᠭᠷᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠲᠤᠯᠭ᠎ᠠ ᠭᠠᠯ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠰᠠᠳᠤᠨ ᠤᠷᠤᠭ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠪᠡᠶ᠎ᠡ ᠰᠡᠳᠬᠢᠯ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠬᠡᠯᠡ ᠳᠠᠭᠤ ᠨᠢ ᠪᠤᠵᠠᠷᠳᠠᠭᠰᠠᠨ ᠠᠷᠢᠭᠤᠳᠬᠤ ᠪᠣᠯᠲᠤᠭᠠᠢ᠃ 
ᠠᠷᠢᠯᠭᠠᠭᠴᠢ ᠰᠠᠩ ᠤ᠋ᠨ ᠣᠨᠢᠨ ᠡᠭᠦᠯᠡᠰ ᠦ᠋ᠳ ᠡᠭᠦᠨ ᠢ᠋ᠶ᠋ᠡᠷ ᠃ 
ᠪᠤᠵᠠᠷ ᠢ᠋ᠶ᠋ᠠᠷ ᠪᠣᠯᠤᠭᠰᠠᠨ ᠤ᠋ ᠡᠪᠡᠳᠴᠢᠨ ᠪᠠ ᠵᠣᠪᠠᠯᠠᠩ ᠃ 
ᠠᠷᠢᠯᠤᠭᠠᠳ ᠠᠷᠢᠭᠤᠳᠴᠤ ᠪᠡᠶ᠎ᠡ ᠰᠡᠳᠬᠢᠯ ᠠᠮᠤᠷᠵᠢᠨ᠃ 
ᠬᠠᠮᠤᠭ ᠲᠦᠰᠢᠭ  ᠲᠩᠷᠢᠰ ᠦ᠋ᠳ ᠨᠥᠬᠥᠴᠡᠵᠦ ᠢᠪᠡᠭᠡᠨ ᠃ 
ᠡᠮᠭᠡᠭ ᠵᠣᠪᠠᠯ ᠠᠮᠤᠷᠯᠢᠭᠠᠳ ᠨᠠᠰᠤᠨ ᠪᠤᠶᠠᠨ ᠳᠡᠯᠭᠡᠷᠡᠨ᠃ 
ᠬᠦᠰᠡᠭᠳᠡᠬᠦ ᠪᠦᠭᠦᠳᠡᠭᠡᠷ ᠡᠷᠬᠡᠰᠢᠯ ᠳ᠋ᠦ᠍ᠷ ᠬᠤᠷᠠᠵᠤ᠃ 
ᠬᠥᠨᠦᠭᠡᠭᠴᠢ ᠬᠠᠮᠤᠭ ᠲᠣᠳᠬᠠᠷ ᠳᠠᠢᠰᠤᠨ ᠨᠤᠭᠤᠳ ᠰᠥᠨᠥᠭᠡᠳ᠃ 
ᠠᠯᠢ ᠰᠠᠨᠠᠯ ᠬᠡᠷᠡᠭ ᠦᠢᠯᠡ ᠠᠮᠠᠷ ᠬᠢᠯᠪᠠᠷ ᠪᠦᠲᠦᠵᠦ ᠃ 
ᠠᠳᠠ ᠵᠡᠳᠬᠡᠷ ᠠᠷᠢᠯᠤᠭᠠᠳ ᠡᠳ᠋ ᠮᠠᠯ ᠦᠷᠡᠰ ᠠᠷᠪᠢᠵᠢᠨ᠃ 
ᠰᠤᠷᠲᠠᠯ ᠦᠭᠡᠢ ᠲᠠᠩᠭᠠᠷᠢᠭ ᠲᠤᠷ ᠭᠡᠮ ᠦ᠋ᠳ ᠦᠭᠡᠢ ᠪᠣᠯᠤᠭᠠᠳ ᠃ 
ᠬᠠᠮᠤᠭ ᠠᠯᠢ ᠪᠤᠵᠠᠷ ᠪᠤᠷᠲᠠᠭ ᠭᠬᠢᠷ ᠦ᠋ᠳ ᠦᠭᠡᠢ ᠠᠷᠢᠭᠤᠨ᠃ 
ᠲᠠᠪᠤᠨ ᠪᠡᠯᠭᠡ ᠪᠢᠯᠢᠭ ᠲᠡᠭᠦᠰ ᠨᠣᠮ ᠤ᠋ᠨ ᠲᠥᠪ ᠲᠣᠷ ᠢᠯᠠᠭᠤᠰᠪᠠᠢ᠃ 
ᠬᠢ ᠬᠢ ᠰᠤᠤ ᠰᠤᠤ ᠲᠡᠭᠷᠢ ᠨᠠᠷ ᠢᠯᠠᠭᠤᠭᠰᠠᠨ ᠯᡁᠷ ᠽᠠᠯᠯᠤᠤ᠃ 
ᠠᠯᠳᠠᠷ ᠨᠡᠷ᠎ᠡ ᠶ᠋ᠢᠨ ᠲᠤᠯᠠ ᠪᠤᠰᠤ ᠪᠢ᠃ 
ᠠᠮᠢᠲᠠᠨ ᠤ᠋ ᠲᠤᠰᠠ ᠶ᠋ᠢᠨ ᠲᠤᠯᠠᠳᠠ ᠃ 
ᠠᠷᠢᠭᠤᠨ ᠰᠠᠩ ᠤ᠋ᠨ ᠣᠨᠢᠨ ᠭᠠᠷᠭᠠᠪᠠᠢ ᠠᠶᠤᠯ ᠦᠭᠡᠢ ᠸᠴᠢᠷ ᠲᠠᠷᠨᠢᠴᠢ᠃ 
ᠰᠤᠪᠳᠠ ᠮᠢᠰᠳᠦ ᠰᠤᠸᠠᠨ ᠽᠠᠩᠳᠠᠮ ᠅᠃᠅

   ᠰᠤᠳᠤᠷ ᠤᠨ ᠦᠰᠦᠭ  ᠢ ᠠᠮᠢᠯᠠᠭᠤᠯᠦᠭ᠍ᠴᠢ ᠄  ᠳᠡᠭᠰᠢᠮᠥ᠋ᠩᠬᠡ 
   ᠬᠢᠨᠡᠭ᠍ᠴᠢ᠄   ᠬᠡᠢᠮᠦᠷᠢ ᠰᠦᠯᠵᠢᠶ᠎ᠡ ᠶᠢᠨ ᠱᠠᠰᠢᠨ ᠰᠢᠲᠦᠯᠭᠡ  ᠬᠣᠯᠪᠣᠭ᠎ᠠ