ᠪᠢᠩᠲᠦ ᠸᠠᠩ-ᠶᠢᠨ ᠱᠠᠨ Бинт ван--Ин шан ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠩᠲᠦ ᠸᠠᠩ-ᠶᠢᠨ ᠱᠠᠨ Бинт ван--Ин шан

ᠪᠢᠩᠲᠦ ᠸᠠᠩ-ᠶᠢᠨ ᠱᠠᠨ Бинт ван--Ин шан

2025-06-08

465

ᠪᠢᠩᠲᠦ ᠸᠠᠩ

ᠲᠥᠷᠥᠭᠡᠳ ᠲᠡᠭᠡᠭᠰᠡᠨ ᠭᠠᠵᠠᠷ ᠢ᠋ ᠴᠢᠨᠢ ᠬᠡᠯᠡᠪᠡᠯ ᠡ ᠬᠦᠢ 
ᠲᠥᠭᠥᠷᠢᠭᠯᠡᠭᠡᠳ ᠰᠠᠭᠤᠭᠰᠠᠨ ᠪᠢᠩᠲᠦ ᠶ᠋ᠢᠨ ᠰᠠᠢᠬᠠᠨ ᠬᠣᠰᠢᠭᠤ ᠶᠤᠮ ᠠ᠋ ᠬᠦᠢ 
ᠲᠦᠪᠡᠭᠳᠡᠭᠡᠳ ᠠᠯᠪᠠ ᠪᠠᠨ ᠬᠢᠭᠰᠡᠨ ᠭᠠᠵᠠᠷ ᠢ᠋ ᠴᠢᠨᠢ ᠬᠡᠯᠡᠪᠡᠯ ᠸᠠᠰᠢ ᠳᠠ ᠶᠠᠭᠠᠬᠢᠪᠠ ᠳᠠ 
ᠲᠦᠮᠡᠨ ᠬᠥᠮᠦᠨ ᠦ᠌ ᠴᠤᠭᠯᠠᠭ᠎ᠠ ᠪᠣᠯᠤᠭᠰᠠᠨ ᠪᠡᠭᠡᠵᠢᠩ ᠬᠣᠲᠠᠨ ᠳ᠋ᠤ᠌ ᠡ ᠬᠦᠢ 

ᠤᠤᠭᠤᠭᠠᠳ ᠲᠡᠭᠡᠭᠰᠡᠨ ᠤᠰᠤ ᠶ᠋ᠢ ᠴᠢᠨᠢ ᠬᠡᠯᠡᠪᠡᠯ  ᠡ  ᠬᠦᠢ  
ᠤᠷᠳᠤᠭᠤᠷ ᠨᠢ ᠤᠷᠤᠰᠴᠤ ᠪᠠᠢᠭ᠎ᠠ ᠴᠦᠩᠬᠦᠯ ᠦ᠋ᠨ ᠭᠣᠣᠯ ᠤ᠋ᠨ ᠤᠰᠤ ᠶᠤᠮ ᠠ᠋ ᠬᠦᠢ
ᠤᠴᠠᠷᠠᠭᠠᠳ ᠠᠯᠪᠠ ᠪᠠᠨ ᠬᠢᠭᠰᠡᠨ ᠭᠠᠵᠠᠷ ᠢ᠋ ᠴᠢᠨᠢ ᠬᠡᠯᠡᠪᠡᠯ ᠸᠠᠰᠢ ᠳᠠ ᠶᠠᠭᠠᠬᠢᠪᠠ ᠳᠠ
ᠣᠯᠠᠨ ᠬᠥᠮᠦᠨ ᠦ᠌ ᠴᠤᠭᠯᠠᠭ᠎ᠠ ᠪᠣᠯᠤᠭᠰᠠᠨ ᠪᠡᠭᠡᠵᠢᠩ ᠬᠣᠲᠠᠨ ᠳ᠋ᠤ᠌ ᠡ  ᠬᠦᠢ

ᠠᠩᠬᠠᠨ ᠠ᠋ᠴᠠ ᠪᠠᠨ ᠠᠪᠤᠭᠠᠳ ᠠᠯᠳᠠᠷ ᠴᠤᠤ ᠲᠠᠢ ᠮᠣᠩᠭᠣᠯᠴᠤᠳ ᠡ  ᠬᠦᠢ
ᠠᠯᠲᠠᠨ ᠳᠡᠯᠡᠬᠡᠢ ᠶ᠋ᠢ ᠡᠵᠡᠯᠡᠭᠰᠡᠨ ᠠᠩᠬᠠᠨ ᠤ᠋ ᠲᠡᠦᠬᠡ ᠴᠢᠨᠢ ᠪᠠᠢᠬᠤ ᠦᠭᠡᠢ ᠤᠤ ᠳᠠ ᠬᠦᠢ
ᠠᠳᠤᠭᠤᠰᠤᠨ ᠵᠤᠯᠵᠠᠭ᠎ᠠ ᠶᠤᠸᠠᠨ ᠱᠢ ᠺᠠᠢ ᠶ᠋ᠢᠨ ᠠᠶᠤᠯ ᠢ᠋ ᠠᠮᠰᠠᠵᠤ ᠰᠠᠭᠤᠬᠤ ᠪᠠᠷ ᠢ᠋ᠶ᠋ᠠᠨ ᠸᠠᠰᠢ ᠳᠠ ᠶᠠᠭᠠᠬᠢᠪᠠ ᠳᠠ
ᠠᠷᠪᠠ ᠲᠠᠪᠤᠨ ᠬᠣᠰᠢᠭᠤ ᠪᠠᠷ ᠢ᠋ᠶ᠋ᠠᠨ ᠨᠡᠢᠯᠡᠭᠡᠳ ᠲᠡᠮᠡᠴᠡᠵᠡᠭᠡᠶ᠎ᠡ ᠪᠣᠯᠬᠤ ᠦᠭᠡᠢ ᠤᠤ  ᠳᠡ ᠬᠦᠢ

ᠡᠷᠲᠡᠨ ᠡᠴᠡ ᠪᠡᠨ ᠠᠪᠤᠭᠠᠳ ᠥᠷᠭᠡᠨ ᠴᠣᠯᠠ ᠲᠠᠢ ᠮᠣᠩᠭᠣᠯᠴᠤᠳ  ᠡ ᠬᠦᠢ
ᠡᠩ ᠳᠡᠯᠡᠬᠡᠢ ᠶ᠋ᠢ ᠡᠵᠡᠯᠡᠭᠰᠡᠨ ᠡᠷᠲᠡᠨ ᠦ᠌ ᠲᠡᠦᠬᠡ ᠴᠢᠨᠢ ᠪᠠᠢᠬᠤ ᠦᠭᠡᠢ ᠤᠤ ᠳᠠ ᠬᠦᠢ
ᠡᠯᠵᠢᠭᠡᠨ ᠲᠥᠷᠥᠯ ᠲᠡᠢ ᠶᠤᠸᠠᠨ ᠱᠢ ᠺᠠᠢ ᠶ᠋ᠢᠨ ᠦᠢᠯᠡ ᠶ᠋ᠢ ᠠᠮᠰᠠᠵᠤ ᠰᠠᠭᠤᠬᠤ ᠪᠠᠷ ᠢ᠋ᠶ᠋ᠠᠨ ᠸᠠᠰᠢ ᠳᠠ ᠶᠠᠭᠠᠬᠢᠪᠠ ᠳᠠ
ᠶᠢᠰᠦᠨ ᠠᠷᠪᠠᠨ ᠬᠣᠰᠢᠭᠤ ᠪᠠᠷ ᠢ᠋ᠶ᠋ᠠᠨ ᠨᠡᠢᠯᠡᠭᠡᠳ ᠡᠰᠡᠷᠭᠦᠴᠡᠵᠡᠭᠡᠶ᠎ᠡ ᠪᠣᠯᠬᠤ ᠦᠭᠡᠢ ᠤᠤ ᠳᠠ ᠬᠦᠢ

   ᠦᠰᠦᠭ ᠠᠮᠢᠯᠠᠭᠤᠯᠤᠭᠰᠠᠨ ᠨᠢ᠄ ᠠᠶᠤᠰᠢ
   ᠦᠰᠦᠭ ᠬᠠᠲᠠᠭᠰᠠᠨ ᠨᠢ᠄ ᠭᠠᠸᠠ
   ᠬᠢᠨᠠᠭᠴᠢ ᠪᠠᠭᠰᠢ᠄ ᠢᠷᠡᠭᠡᠳᠦᠢ
   ᠪᠢᠴᠢᠯᠭᠡ ᠵᠢᠷᠤᠭ᠄ ᠳᠥᠭᠥᠮ ᠬᠠᠲᠠᠮᠠᠯ ᠴᠤᠭᠯᠠᠷᠠᠯ ᠨᠠᠢᠷᠠᠭᠤᠯᠪᠠ