1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠷᠭᠣᠳᠠᠰᠤЗоргодосZorgodos

ᠵᠣᠷᠭᠣᠳᠠᠰᠤЗоргодосZorgodos

2025-06-08

76

ᠵᠣᠷᠭᠣᠳᠠᠰᠤ

   ᠲᠤᠰ ᠡᠮ ᠪᠣᠯ ᠰᠢᠬᠦᠷ ᠬᠡᠯᠪᠡᠷᠢᠲᠦ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠵᠣᠷᠭᠣᠳᠠᠰᠤ ᠶ᠋ᠢᠨ ᠬᠠᠲᠠᠭᠠᠭᠰᠠᠨ ᠪᠣᠯᠪᠠᠰᠤᠷᠮᠠᠯ ᠵᠢᠮᠢᠰ ᠮᠥᠨ᠃ ᠪᠠᠰᠠ ᠭᠣᠨᠢᠶᠣᠳ᠂ ᠨᠢᠳᠦᠨ ᠦ᠌ ᠰᠠᠳᠤᠨ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠮᠠᠰᠢ ᠠᠩᠬᠢᠯᠤᠮ᠎ᠠ ᠦᠨᠦᠷ ᠲᠡᠢ᠃ ᠡᠰᠢ ᠨᠢ ᠰᠢᠯᠤᠭᠤᠨ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂0.5~1.5m ᠥᠨᠳᠥᠷ᠂ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠂ ᠴᠠᠢᠪᠤᠷ ᠨᠣᠭᠣᠭᠠᠨ ᠥᠩᠭᠡ ᠲᠡᠢ᠂ ᠭᠠᠳᠠᠷᠭᠤ ᠳ᠋ᠤᠨᠢ ᠨᠠᠷᠢᠬᠠᠨ ᠭᠤᠯᠳᠤ ᠠᠷᠲᠠᠢ᠃ ᠡᠰᠢᠨ ᠳ᠋ᠡᠬᠢ ᠨᠠᠪᠴᠢ ᠨᠢ ᠴᠤᠪᠤᠷᠠᠨ ᠤᠷᠭᠤᠨ᠎ᠠ᠃ ᠨᠠᠪᠴᠢᠨ ᠪᠠᠷᠢᠭᠤᠯ ᠨᠢ3.5~4.5cm ᠤᠷᠲᠤ᠂ ᠳᠣᠣᠷ᠎ᠠ ᠠ᠋ᠴᠠ ᠳᠡᠭᠡᠭᠰᠢ ᠪᠡᠨ ᠠᠶᠠᠨᠳᠠᠭᠠᠨ ᠪᠣᠭᠣᠨᠢᠰᠤᠨ᠎ᠠ᠂ ᠤᠭ ᠤ᠋ᠨ ᠣᠷᠴᠢᠮ ᠳ᠋ᠠᠭᠠᠨ ᠲᠣᠭᠳᠣᠢ ᠰᠢᠭ᠋ ᠪᠣᠯᠵᠤ ᠥᠷᠭᠡᠵᠢᠨ ᠡᠰᠢ ᠪᠡᠨ ᠪᠠᠭᠯᠠᠨ᠎ᠠ᠃ ᠬᠥᠪᠡᠭᠡ ᠪᠡᠷ ᠨᠢ ᠨᠠᠷᠢᠬᠠᠨ ᠳᠣᠯᠭᠢᠶᠠᠯᠢᠭ ᠰᠠᠷᠢᠰᠤᠨ ᠳᠠᠯᠠᠪᠴᠢ ᠲᠠᠢ᠃ ᠨᠠᠪᠴᠢ ᠨᠢ ᠭᠤᠷᠪᠠ ᠠ᠋ᠴᠠ ᠳᠥᠷᠪᠡᠳᠡᠭᠰᠡᠨ ᠥᠳᠥᠯᠢᠭ ᠣᠨᠢ ᠲᠠᠢ᠂ ᠡᠴᠦᠰ ᠦ᠋ᠨ ᠰᠡᠵᠢᠭᠦᠷ ᠢᠯᠲᠠᠰᠤ ᠨᠢ ᠪᠦᠰᠡᠯᠢᠭ ᠡᠴᠡ ᠰᠢᠷᠬᠡᠭᠯᠢᠭ ᠬᠡᠯᠪᠡᠷᠢ ᠲᠡᠢ᠃ ᠨᠡᠢᠯᠡᠮᠡᠯ ᠰᠢᠭᠦᠷ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠂ ᠳ᠋ᠢᠶᠠᠮᠧᠲ᠋ᠷ ᠨᠢ3~12cm᠂5~20 ᠰᠢᠭᠦᠷ ᠦ᠋ᠨ ᠪᠠᠷᠢᠭᠤᠯ ᠲᠠᠢ ᠪᠠᠢᠳᠠᠭ᠃ ᠪᠠᠷᠢᠭᠤᠯ ᠤ᠋ᠨ ᠤᠷᠲᠤ ᠨᠢ2~5cm᠂ ᠵᠢᠵᠢᠭ ᠰᠢᠭᠦᠷ ᠬᠡᠯᠪᠡᠷᠢᠲᠦ ᠪᠠᠭ ᠴᠡᠴᠡᠭ ᠪᠦᠷᠢ ᠳ᠋ᠦ᠍5~20 ᠬᠦᠢᠰ ᠴᠡᠴᠡᠭ ᠲᠡᠢ᠂ ᠵᠢᠵᠢᠭ ᠪᠠᠷᠢᠭᠤᠯ ᠨᠢ ᠨᠠᠷᠢᠬᠠᠨ᠂4~10mm ᠤᠷᠲᠤ᠂ ᠶᠡᠷᠦᠩᠬᠡᠢ ᠪᠠᠭᠯᠠᠭᠴᠢ ᠪᠠ ᠵᠢᠵᠢᠭ ᠶᠡᠷᠦᠩᠬᠡᠢ ᠪᠠᠭᠯᠠᠭᠴᠢ ᠦᠭᠡᠢ᠂ ᠴᠡᠴᠡᠭ ᠨᠢ ᠵᠢᠵᠢᠭ ᠲᠣᠭᠳᠣᠢ ᠦᠭᠡᠢ᠂ ᠴᠡᠴᠡᠭ ᠦ᠋ᠨ ᠬᠡᠯᠲᠡᠰ ᠨᠢ5᠂ ᠠᠯᠲᠠᠨ ᠰᠢᠷᠭᠠᠯ ᠥᠩᠭᠡ ᠲᠡᠢ᠂ ᠥᠷᠭᠡᠨ ᠥᠨᠳᠡᠭᠡᠯᠵᠢᠨ ᠬᠡᠯᠪᠡᠷᠢ ᠲᠡᠢ᠂1.5mm ᠣᠷᠴᠢᠮ ᠤᠷᠲᠤ᠂1mm ᠣᠷᠴᠢᠮ ᠥᠷᠭᠡᠨ᠂ ᠳᠤᠮᠳᠠ ᠠ᠋ᠴᠠ ᠳᠡᠭᠡᠭᠰᠢ ᠪᠡᠨ ᠳᠣᠲᠣᠭᠰᠢ ᠬᠤᠮᠢᠷᠠᠨ᠎ᠠ᠂ ᠬᠣᠲᠣᠢᠭᠰᠠᠨ ᠦᠵᠦᠭᠦᠷ ᠲᠡᠢ᠃ ᠡᠷ᠎ᠡ ᠲᠣᠭᠣᠷᠴᠣᠭ ᠨᠢ5᠂ ᠲᠣᠭᠣᠰᠣᠪᠴᠢ ᠨᠢ ᠥᠨᠳᠡᠭᠡᠯᠵᠢᠨ ᠬᠡᠯᠪᠡᠷᠢ ᠲᠡᠢ᠂2 ᠲᠠᠰᠤᠭ ᠲᠠᠢ᠂ ᠳᠣᠬᠢᠭᠤᠷ ᠨᠢ ᠰᠢᠷᠬᠡᠭ ᠰᠢᠭ᠂ ᠴᠡᠴᠡᠭ ᠦ᠋ᠨ ᠬᠡᠯᠲᠡᠰ ᠦ᠋ᠨ ᠭᠠᠳᠠᠨ᠎ᠠ ᠰᠤᠨᠵᠤ ᠭᠠᠷᠤᠨ᠎ᠠ᠃1 ᠡᠮ᠎ᠡ ᠲᠣᠭᠣᠷᠴᠣᠭ ᠲᠠᠢ᠂ ᠤᠮᠠᠢ ᠨᠢ ᠳᠣᠣᠷᠠᠲᠤ ᠣᠷᠣᠨ ᠲᠠᠢ᠂2 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠮᠠᠰᠢ ᠣᠬᠣᠷ ᠪᠥᠭᠡᠳ ᠭᠦᠢᠬᠡᠨ ᠣᠨᠢ ᠲᠠᠢ᠃ ᠬᠣᠣᠰ ᠳᠡᠭᠦᠵᠢᠩ ᠵᠢᠮᠢᠰ ᠨᠢ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂5~8mm ᠤᠷᠲᠤ᠂2mm ᠣᠷᠴᠢᠮ ᠥᠷᠭᠡᠨ᠂ ᠭᠠᠳᠠᠷ ᠲᠠᠯ᠎ᠠ ᠨᠢ ᠰᠢᠷᠠᠩᠭᠤᠢ ᠨᠣᠭᠣᠭᠠᠨ ᠥᠩᠭᠡ ᠲᠡᠢ᠂ ᠣᠷᠣᠢ ᠳᠡᠭᠡᠷ᠎ᠡ ᠨᠢ ᠰᠢᠷᠠᠪᠲᠤᠷ ᠬᠦᠷᠡᠩ ᠥᠩᠭᠡ ᠲᠡᠢ ᠴᠡᠴᠡᠭ ᠦ᠋ᠨ ᠪᠠᠭᠠᠨ᠎ᠠ ᠶ᠋ᠢᠨ ᠤᠭ ᠤ᠋ᠨ ᠦᠯᠡᠳᠡᠭᠳᠡᠯ ᠲᠡᠢ᠂ ᠵᠤᠤᠪᠠᠩ ᠬᠡᠯᠪᠡᠷᠢ ᠲᠡᠢ᠂5 ᠵᠤᠷᠪᠤᠰ ᠭᠦᠳᠦᠭᠦᠷ ᠭᠤᠯᠳᠤ ᠢᠷᠮᠡᠭ ᠲᠡᠢ᠂ ᠢᠷᠮᠡᠭ ᠬᠣᠪᠢᠯ ᠪᠦᠷᠢ ᠳ᠋ᠦ᠍ᠨᠢ1 ᠲᠣᠰᠣᠨ ᠴᠣᠷᠭᠣ ᠲᠠᠢ᠂ ᠠᠭᠤᠯᠵᠠᠷ ᠲᠠᠯ᠎ᠠ ᠳ᠋ᠤᠨᠢ2 ᠲᠣᠰᠣᠨ ᠴᠣᠷᠭᠣ ᠲᠠᠢ᠃6~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠤᠤᠯ ᠳ᠋ᠠᠭᠠᠨ ᠧᠦ᠋ᠷᠣᠫᠠ ᠳ᠋ᠤ᠌ ᠭᠠᠷᠳᠠᠭ᠃ ᠣᠳᠣ ᠪᠦᠬᠦ ᠤᠯᠤᠰ ᠤ᠋ᠨ ᠡᠯ᠎ᠡ ᠭᠠᠵᠠᠷ ᠲᠤ ᠨᠡᠢᠳᠡᠮ ᠠᠷᠠᠴᠢᠯᠠᠨ ᠲᠠᠷᠢᠵᠤ ᠪᠣᠢ᠃
   [ ᠲᠡᠭᠦᠵᠦ ᠪᠣᠯᠪᠠᠰᠤᠷᠠᠭᠤᠯᠬᠤ] 9~10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠬᠤ ᠳ᠋ᠤᠨᠢ ᠬᠠᠳᠤᠵᠤ ᠠᠪᠤᠭᠠᠳ᠂ ᠨᠠᠷᠠᠨ ᠳ᠋ᠤ᠌ ᠬᠠᠲᠠᠭᠠᠭᠰᠠᠨ ᠤ᠋ ᠰᠡᠭᠦᠯᠡᠷ ᠵᠢᠮᠢᠰ ᠢ᠋ ᠨᠢ ᠭᠦᠪᠢᠵᠦ ᠠᠪᠤᠭᠠᠳ ᠬᠣᠯᠢᠮᠠᠭ ᠵᠦᠢᠯ ᠢ᠋ ᠨᠢ ᠠᠷᠢᠯᠭᠠᠨ ᠬᠠᠶᠠᠵᠤ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠡᠬᠡᠭᠦᠨ᠂ ᠭᠠᠰᠢᠭᠤᠨ ᠠᠮᠲᠠ ᠲᠠᠢ᠂ ᠪᠦᠯᠢᠶᠡᠨ ᠴᠢᠨᠠᠷ ᠲᠠᠢ᠃ ᠲᠣᠰᠣᠯᠢᠭ᠂ ᠬᠥᠩᠭᠡᠨ᠂ ᠮᠣᠬᠣᠳᠠᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠬᠣᠣᠷ ᠢ᠋ ᠲᠠᠢᠯᠬᠤ᠂ ᠬᠠᠷᠠᠭ᠎ᠠ ᠶ᠋ᠢ ᠰᠠᠢᠵᠢᠷᠠᠭᠤᠯᠬᠤ᠂ ᠳᠤᠷ᠎ᠠ ᠶ᠋ᠢ ᠨᠡᠭᠡᠭᠡᠬᠦ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠬᠡᠢ ᠬᠠᠯᠠᠭᠤᠨ᠂ ᠬᠡᠢ ᠪᠡᠷ ᠲᠣᠯᠣᠭᠠᠢ ᠡᠪᠡᠳᠴᠦ ᠨᠢᠳᠦ ᠡᠷᠢᠶᠡᠯᠵᠡᠬᠦ᠂ ᠬᠣᠳᠣᠭᠣᠳᠣ ᠬᠦᠢᠲᠡᠨ ᠣᠷᠬᠢᠵᠤ ᠡᠪᠡᠳᠬᠦ᠂ ᠢᠪᠡᠷᠬᠡᠢ᠂ ᠲᠥᠮᠥᠰᠥ ᠬᠠᠪᠤᠳᠤᠭᠰᠠᠨ᠂ ᠬᠣᠣᠷ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 小茴香 (茴香)
   ᠠᠩᠭ᠌ᠯᠢ ᠨᠡᠷ᠎ᠡ᠄Foenieulum uulgare Mill

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠣᠶᠣᠨᠴᠢᠮᠡᠭ