ᠳᠣᠯᠣᠭᠠᠨ ᠨᠠᠪᠴᠢᠲᠤ ᠶ᠋ᠢᠨ ᠦᠷ᠎ᠡДолоон навчтын үрDoloon navchtyn ür ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠨᠠᠪᠴᠢᠲᠤ ᠶ᠋ᠢᠨ ᠦᠷ᠎ᠡДолоон навчтын үрDoloon navchtyn ür

ᠳᠣᠯᠣᠭᠠᠨ ᠨᠠᠪᠴᠢᠲᠤ ᠶ᠋ᠢᠨ ᠦᠷ᠎ᠡДолоон навчтын үрDoloon navchtyn ür

2025-06-07

152

ᠳᠣᠯᠣᠭᠠᠨ ᠨᠠᠪᠴᠢᠲᠤ ᠶ᠋ᠢᠨ ᠦᠷ᠎ᠡ

   ᠲᠤᠰ ᠡᠮ ᠪᠣᠯ ᠪᠠᠯᠲᠤ ᠲᠠᠤᠯᠠᠢ ᠶ᠋ᠢᠨ ᠪᠥᠭᠡᠷ᠎ᠡ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠠᠯᠲᠤ ᠲᠠᠤᠯᠠᠢ ᠶ᠋ᠢᠨ ᠪᠥᠭᠡᠷ᠎ᠡ᠂ ᠵᠡᠷᠯᠢᠭ ᠪᠠᠯᠲᠤ ᠲᠠᠤᠯᠠᠢ ᠶ᠋ᠢᠨ ᠪᠥᠭᠡᠷ᠎ᠡ ᠶ᠋ᠢᠨ ᠪᠣᠯᠪᠠᠰᠤᠷᠠᠮᠠᠯ ᠵᠢᠮᠢᠰ ᠮᠥᠨ᠃ ᠪᠠᠰᠠ ᠪᠣᠰᠣᠴᠠ᠂ ᠰᠤᠴᠠ᠂ ᠰᠢᠷᠠᠭᠱᠠ ᠭᠡᠳᠡᠭ᠃
   [ ᠤᠤᠯ ᠤᠷᠭᠤᠮᠠᠯ] 1. ᠪᠠᠯᠲᠤ ᠲᠠᠤᠯᠠᠢ ᠶ᠋ᠢᠨ ᠪᠥᠭᠡᠷ᠎ᠡ ᠨᠠᠪᠴᠢ ᠵᠤᠯᠭᠠᠷᠠᠬᠤ ᠲᠤᠷᠤᠭ ᠮᠣᠳᠣ᠃25m ᠥᠨᠳᠥᠷ᠂ ᠮᠣᠳᠣᠨ ᠮᠠᠯᠠᠭᠠᠢᠷᠠᠯ ᠨᠢ ᠥᠷᠭᠡᠨ᠃ ᠠᠯᠠᠭᠠᠯᠢᠭ ᠨᠡᠢᠯᠡᠮᠡᠯ ᠨᠠᠪᠴᠢ ᠲᠠᠢ
ᠴᠢᠭᠲᠠᠯᠠᠨ ᠤᠷᠭᠤᠨ᠎ᠠ᠂ ᠨᠠᠪᠴᠢᠨ ᠪᠠᠷᠢᠭᠤᠯ ᠨᠢ5~16cm ᠤᠷᠲᠤ᠂5~7 ᠢᠯᠲᠠᠰᠤ ᠵᠢᠵᠢᠭ ᠨᠠᠪᠴᠢ ᠲᠠᠢ᠂ ᠤᠷᠲᠤᠯᠵᠢᠨ ᠵᠤᠤᠪᠠᠩ ᠪᠤᠶᠤ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂8~18cm ᠤᠷᠲᠤ᠂2~6.5cm ᠥᠷᠭᠡᠨ᠂ ᠨᠠᠷᠢᠬᠠᠨ ᠱᠣᠪᠬᠣ ᠦᠵᠦᠭᠦᠷ ᠲᠡᠢ᠂ ᠱᠠᠭᠠᠨᠲᠠᠭ ᠤᠭ ᠲᠠᠢ᠂ ᠨᠠᠷᠢᠨ ᠠᠷᠠᠭᠠᠲᠤ ᠬᠥᠪᠡᠭᠡ ᠲᠡᠢ᠂ ᠵᠢᠵᠢᠭ ᠨᠠᠪᠴᠢᠨ ᠪᠠᠷᠢᠭᠤᠯ ᠳᠡᠭᠡᠷ᠎ᠡ ᠨᠢ ᠲᠠᠷᠠᠮᠠᠭ ᠨᠠᠷᠢᠨ ᠵᠥᠭᠡᠯᠡᠨ ᠦᠰᠦ ᠲᠡᠢ᠃ ᠱᠣᠷᠣᠯᠵᠢᠨ ᠪᠠᠭ ᠴᠡᠴᠡᠭ ᠣᠷᠣᠢ ᠳ᠋ᠤᠨᠢ ᠳᠡᠯᠭᠡᠷᠡᠨ᠎ᠡ᠂ ᠶᠡᠷᠦᠩᠬᠡᠢ ᠴᠡᠴᠡᠭ ᠦ᠋ᠨ ᠪᠠᠷᠢᠭᠤᠯ ᠨᠢ6~10cm ᠤᠷᠲᠤ᠂ ᠪᠠᠷᠢᠭᠤᠯ ᠳᠡᠭᠡᠷ᠎ᠡ ᠨᠢ ᠲᠠᠷᠠᠮᠠᠭ ᠨᠠᠷᠢᠨ ᠵᠥᠭᠡᠯᠡᠨ ᠦᠰᠦ ᠲᠡᠢ᠃ ᠡᠷ᠎ᠡ ᠴᠡᠴᠡᠭ ᠪᠠ ᠬᠣᠣᠰ ᠪᠡᠯᠭᠡᠲᠦ ᠴᠡᠴᠡᠭ ᠨᠢ ᠢᠵᠢᠯ ᠮᠣᠳᠣ ᠳᠡᠭᠡᠷ᠎ᠡ ᠢᠬᠴᠤ ᠳᠡᠯᠭᠡᠷᠡᠨ᠎ᠡ᠃ ᠴᠡᠴᠡᠭ ᠨᠢ ᠵᠢᠵᠢᠭ᠂ ᠴᠠᠭᠠᠨ ᠥᠩᠭᠡ ᠲᠡᠢ᠂1.2cm ᠤᠷᠲᠤ᠃ ᠴᠡᠴᠡᠭ ᠦ᠋ᠨ ᠲᠣᠭᠳᠣᠢ ᠨᠢ ᠬᠣᠭᠣᠯᠠᠢ ᠬᠡᠯᠪᠡᠷᠢ ᠲᠡᠢ᠂ ᠵᠢᠭᠳᠡ ᠪᠤᠰᠤ5 ᠭᠦᠢᠬᠡᠨ ᠣᠨᠢ ᠲᠠᠢ᠂ ᠭᠠᠳᠠᠷ ᠲᠠᠯ᠎ᠠ ᠳ᠋ᠤᠨᠢ ᠣᠬᠣᠷ ᠵᠥᠭᠡᠯᠡᠨ ᠦᠰᠦ ᠲᠡᠢ᠃ ᠴᠡᠴᠡᠭ ᠦ᠋ᠨ ᠬᠡᠯᠲᠡᠰ ᠨᠢ4᠂ ᠵᠤᠤᠪᠠᠩ ᠬᠡᠯᠪᠡᠷᠢ ᠲᠡᠢ᠂ ᠳᠡᠭᠡᠷ᠎ᠡ2 ᠬᠡᠯᠲᠡᠰ ᠨᠢ ᠳᠣᠣᠷ᠎ᠠ2 ᠬᠡᠯᠲᠡᠰ ᠡᠴᠡ ᠪᠡᠨ ᠨᠠᠷᠢᠨ ᠪᠥᠭᠡᠳ ᠤᠷᠲᠤ᠃ ᠡᠷ᠎ᠡ ᠲᠣᠭᠣᠷᠴᠣᠭ ᠨᠢ6~8᠂ ᠬᠣᠣᠰ ᠪᠡᠯᠭᠡᠲᠦ ᠴᠡᠴᠡᠭ ᠦ᠋ᠨ ᠤᠮᠠᠢ ᠳᠡᠭᠡᠳᠦ ᠣᠷᠣᠨ ᠲᠠᠢ᠂ ᠨᠠᠷᠢᠨ ᠵᠥᠭᠡᠯᠡᠨ ᠦᠰᠦ ᠲᠡᠢ᠃ ᠬᠣᠩᠭᠣᠷᠴᠣᠭᠲᠤ ᠵᠢᠮᠢᠰ ᠨᠢ ᠪᠥᠮᠪᠥᠭᠡᠯᠵᠢᠨ ᠬᠡᠯᠪᠡᠷᠢ ᠲᠡᠢ᠂ ᠣᠷᠣᠢ ᠨᠢ ᠬᠠᠪᠲᠠᠭᠠᠢ ᠪᠤᠶᠤ ᠥᠴᠦᠬᠡᠨ ᠱᠣᠪᠬᠣ ᠭᠦᠳᠦᠭᠦᠷ᠂ ᠨᠢᠭ ᠰᠢᠷᠠᠪᠲᠤᠷ ᠬᠦᠷᠡᠩ ᠥᠩᠭᠡᠲᠦ ᠲᠣᠯᠪᠣ ᠲᠠᠢ᠂3 ᠬᠡᠯᠲᠡᠰᠯᠡᠨ ᠬᠠᠭᠠᠷᠠᠨ᠎ᠠ᠃1 ᠮᠥᠬᠥᠯᠢᠭ ᠦᠷ᠎ᠡ ᠲᠡᠢ᠂ ᠪᠥᠮᠪᠥᠭᠡᠯᠵᠢᠨ ᠬᠡᠯᠪᠡᠷᠢ ᠲᠡᠢ᠂ ᠳ᠋ᠢᠶᠠᠮᠧᠲ᠋ᠷ ᠨᠢ2.5~4cm᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   2. ᠵᠡᠷᠯᠢᠭ ᠪᠠᠯᠲᠤ ᠲᠠᠤᠯᠠᠢ ᠶ᠋ᠢᠨ ᠪᠥᠭᠡᠷ᠎ᠡ ᠲᠤᠷᠤᠭ ᠮᠣᠳᠣ᠃15~20m ᠥᠨᠳᠥᠷ᠂ ᠠᠯᠠᠭᠠᠯᠢᠭ ᠨᠡᠢᠯᠡᠮᠡᠯ ᠨᠠᠪᠴᠢ ᠨᠢ ᠴᠢᠭᠲᠠᠯᠠᠨ ᠤᠷᠭᠤᠨ᠎ᠠ᠃ ᠨᠠᠪᠴᠢᠨ ᠪᠠᠷᠢᠭᠤᠯ ᠨᠢ10~12cm ᠤᠷᠲᠤ᠂ ᠵᠢᠵᠢᠭ ᠨᠠᠪᠴᠢᠨ ᠪᠠᠷᠢᠭᠤᠯ ᠨᠢ1.5~2cm ᠤᠷᠲᠤ᠃ ᠵᠢᠵᠢᠭ ᠨᠠᠪᠴᠢᠨ ᠢᠯᠲᠠᠰᠤ ᠨᠢ ᠤᠷᠲᠤᠯᠵᠢᠨ ᠲᠣᠩᠭᠣᠷᠤᠤ ᠥᠨᠳᠡᠭᠡᠯᠵᠢᠨ᠂ᠤᠷᠲᠤᠯᠵᠢᠨ ᠲᠣᠭᠣᠷᠢᠭ ᠪᠤᠶᠤ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂10~25 ᠬᠣᠣᠰ ᠪᠣᠢ᠃ ᠱᠣᠷᠣᠯᠵᠢᠨ ᠪᠠᠭ ᠴᠡᠴᠡᠭ ᠣᠷᠣᠢ ᠳ᠋ᠤᠨᠢ ᠳᠡᠯᠭᠡᠷᠡᠨ᠎ᠡ᠃ ᠡᠷ᠎ᠡ ᠴᠡᠴᠡᠭ ᠨᠢ ᠳᠡᠭᠡᠷ᠎ᠡ ᠲᠠᠯ᠎ᠠ ᠳ᠋ᠤᠨᠢ ᠪᠠᠢᠷᠢᠯᠠᠵᠤ᠂ ᠬᠣᠣᠰ ᠪᠡᠯᠭᠡᠲᠦ ᠴᠡᠴᠡᠭ ᠨᠢ ᠳᠣᠣᠷ᠎ᠠ ᠲᠠᠯ᠎ᠠ ᠳ᠋ᠤᠨᠢ ᠪᠠᠢᠷᠢᠯᠠᠨ᠎ᠠ᠃ ᠴᠡᠴᠡᠭ ᠦ᠋ᠨ ᠲᠣᠭᠳᠣᠢ ᠨᠢ ᠬᠣᠭᠣᠯᠠᠢ ᠬᠡᠯᠪᠡᠷᠢ ᠲᠡᠢ᠂5 ᠣᠨᠢ ᠲᠠᠢ᠃ ᠴᠡᠴᠡᠭ ᠦ᠋ᠨ ᠬᠡᠯᠲᠡᠰ ᠨᠢ4᠂ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠶᠡᠬᠡ ᠪᠠᠭ᠎ᠠ ᠨᠢ ᠠᠳᠠᠯᠢ ᠦᠭᠡᠢ᠃ ᠡᠷ᠎ᠡ ᠲᠣᠭᠣᠷᠴᠣᠭ ᠨᠢ7᠂ ᠤᠷᠲᠤ ᠪᠣᠭᠣᠨᠢ ᠨᠢ ᠠᠳᠠᠯᠢ ᠦᠭᠡᠢ᠃ ᠬᠣᠣᠰ ᠪᠡᠯᠭᠡᠲᠦ ᠴᠡᠴᠡᠭ ᠦ᠋ᠨ ᠤᠮᠠᠢ ᠨᠢ3 ᠲᠠᠰᠤᠭ ᠲᠠᠢ᠂ ᠰᠢᠷ᠎ᠠ ᠨᠣᠯᠤᠤᠷ ᠦᠰᠦ ᠲᠡᠢ᠂ ᠴᠡᠴᠡᠭ ᠦ᠋ᠨ ᠪᠠᠭᠠᠨ᠎ᠠ ᠳᠡᠭᠡᠷ᠎ᠡ ᠨᠢ ᠤᠷᠲᠤ ᠨᠣᠯᠤᠤᠷ ᠦᠰᠦ ᠲᠡᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ᠂3~4cm ᠤᠷᠲᠤ᠂ ᠡᠦ ᠰᠢᠭ ᠳᠣᠪᠣᠭᠣᠷ ᠲᠠᠢ᠂ ᠪᠣᠯᠪᠠᠰᠤᠷᠠᠪᠠᠯ ᠬᠠᠭᠠᠷᠠᠨ᠎ᠠ᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠥᠩ ᠰᠢᠮᠡᠯᠢᠭ ᠴᠢᠭᠢᠭᠯᠢᠭ ᠬᠥᠷᠥᠰᠥᠨ ᠳ᠋ᠦ᠍ ᠵᠡᠷᠯᠢᠭ ᠤᠷᠭᠤᠳᠠᠭ᠃ ᠪᠠᠰᠠ ᠠᠷᠠᠴᠢᠯᠠᠨ ᠲᠠᠷᠢᠵᠤ ᠪᠣᠢ᠃ ᠪᠠᠯᠲᠤ ᠲᠠᠤᠯᠠᠢ ᠶ᠋ᠢᠨ ᠪᠥᠭᠡᠷ᠎ᠡ ᠪᠣᠯ ᠾᠧᠪᠧᠢ᠂ ᠾᠧᠨᠠᠨ᠂ ᠱᠠᠨ ᠰᠢ᠂ ᠭᠠᠨᠰᠦ᠂ ᠵᠢᠶᠠᠩᠰᠦ᠂ ᠵᠧᠵᠢᠶᠠᠩ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃ ᠵᠡᠷᠯᠢᠭ ᠪᠠᠯᠲᠤ ᠲᠠᠤᠯᠠᠢ ᠶ᠋ᠢᠨ ᠪᠥᠭᠡᠷ᠎ᠡ ᠪᠣᠯ ᠱᠠᠨᠰᠢ᠂ ᠬᠤᠪᠧᠢ᠂ ᠬᠤᠨᠠᠨ᠂ ᠰᠧᠴᠤᠸᠠᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠢᠷᠠᠭᠤ ᠠ᠋ᠴᠠ ᠬᠣᠢᠨ᠎ᠠ᠂ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠂ ᠪᠦᠯᠢᠶᠡᠨ ᠴᠢᠨᠠᠷ ᠲᠠᠢ᠂ ᠬᠥᠩᠭᠡᠨ᠂ ᠬᠥᠯᠪᠡᠷᠢᠭᠦᠨ᠂ ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠪᠥᠭᠡᠯᠵᠢᠭᠦᠯᠬᠦ᠂ ᠪᠠᠳᠭ᠋ᠠᠨ ᠢ ᠠᠷᠢᠯᠭᠠᠬᠤ ᠴᠢᠳᠠᠯ ᠲᠠᠢ᠃ ᠭᠣᠣᠯᠳᠠᠭᠤ ᠬᠡᠢ ᠬᠠᠪᠰᠤᠷᠤᠭᠰᠠᠨ  ᠪᠠᠳᠭ᠋ᠠᠨ  ᠢ ᠪᠥᠭᠡᠯᠵᠢᠭᠦᠯᠬᠦ ᠳ᠋ᠦ᠍ ᠬᠡᠷᠡᠭᠯᠡᠨ᠎ᠡ᠃

   ᠬᠢᠲᠠᠳ ᠨᠡᠷ᠎ᠡ᠄娑罗子 (七叶树) (天师栗)
   ᠠᠩᠭ᠌ᠯᠢ ᠨᠡᠷ᠎ᠡ᠄ (Aescuhus chinensis Bge) (Aesclus tclisonii Rehd)

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ