ᠮᠣᠩᠭᠣᠯ ᠭᠡᠷ ᠮᠣᠩᠭᠣᠯ ᠰᠣᠶᠣᠯ -ᠬᠦᠩᠭᠠᠷ Монгол гэр монгол соёл-Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠷ ᠮᠣᠩᠭᠣᠯ ᠰᠣᠶᠣᠯ -ᠬᠦᠩᠭᠠᠷ Монгол гэр монгол соёл-Гүнгар

ᠮᠣᠩᠭᠣᠯ ᠭᠡᠷ ᠮᠣᠩᠭᠣᠯ ᠰᠣᠶᠣᠯ -ᠬᠦᠩᠭᠠᠷ Монгол гэр монгол соёл-Гүнгар

2025-06-06

2857

ᠮᠣᠩᠭᠣᠯ ᠭᠡᠷ ᠮᠣᠩᠭᠣᠯ ᠰᠣᠶᠣᠯ

   ᠵᠣᠬᠢᠶᠠᠭᠴᠢ᠄ ᠬᠦᠩᠭᠠᠷ 
   ᠤᠶᠠᠩᠭᠠᠯᠠᠭᠴᠢ᠄ ᠤᠷᠠᠨᠲᠠᠨ᠎ᠠ 
ᠡᠵᠡᠨ ᠪᠣᠭᠳᠠ ᠪᠠᠨ ᠠᠮᠤᠭᠤᠯᠠᠩ ᠰᠠᠭᠠᠲᠠᠭᠤᠯᠤᠭᠰᠠᠨ 
ᠢᠰᠡᠭᠡᠢ ᠴᠠᠭᠠᠨ ᠮᠣᠩᠭᠣᠯ ᠭᠡᠷ 
ᠡᠷᠡᠯᠬᠡᠭ ᠲᠦᠮᠡᠨ ᠦ᠌ ᠰᠦᠯᠳᠡ ᠶ᠋ᠢ ᠪᠠᠳᠠᠷᠠᠭᠠᠭᠰᠠᠨ 
ᠢᠯᠠᠭᠤᠭᠰᠠᠨ ᠮᠣᠩᠭᠣᠯ ᠤ᠋ᠨ ᠲᠤᠩᠭᠠᠯᠠᠭ ᠤᠷᠲᠤ ᠠ᠋ 

ᠥᠨᠳᠥᠷ ᠣᠭᠲᠠᠷᠭᠤᠢ ᠪᠠᠨ ᠥᠭᠰᠥᠵᠦ ᠰᠡᠬᠦᠢᠭᠰᠡᠨ 
ᠦᠨᠳᠦᠰᠦᠲᠡᠨ ᠮᠠᠨ ᠤ᠋ ᠮᠣᠩᠭᠣᠯ ᠭᠡᠷ 
ᠦᠶ᠎ᠡ ᠶ᠋ᠢᠨ ᠦᠶ᠎ᠡ ᠪᠡᠷ ᠵᠢᠷᠭᠠᠨ ᠰᠠᠭᠤᠭᠰᠠᠨ 
ᠡᠯᠦᠨᠴᠡ ᠶ᠋ᠢᠨ ᠪᠦᠪᠡᠢ ᠲᠡᠢ ᠡᠷᠬᠢᠮ ᠰᠣᠶᠣᠯ ᠠ᠋ 

ᠢᠪᠢᠯᠬᠦ ᠵᠥᠭᠡᠯᠡᠨ ᠢᠯᠴᠢ ᠰᠡᠮᠡᠷᠡᠭᠰᠡᠨ
ᠶᠢᠷᠲᠢᠨᠴᠦ ᠶ᠋ᠢᠨ ᠭᠠᠢᠬᠠᠮᠰᠢᠭᠲᠤ ᠮᠣᠩᠭᠣᠯ ᠭᠡᠷ
ᠡᠨᠡᠬᠡᠨ ᠪᠡᠶ᠎ᠡ ᠪᠡᠨ ᠤᠪᠠᠳᠢᠰ ᠢ᠋ᠶ᠋ᠠᠷ ᠭᠤᠶᠤᠭᠰᠠᠨ
ᠡᠯᠪᠡᠭ ᠪᠦᠲᠦᠴᠡᠲᠦ ᠮᠣᠩᠭᠣᠯ ᠤᠷᠠᠯᠠᠯ ᠠ᠋

ᠲᠡᠭᠷᠢ ᠡᠴᠡ ᠲᠡᠳᠬᠦᠵᠦ ᠮᠠᠨ ᠳ᠋ᠤ᠌ ᠵᠠᠶᠠᠭᠠᠭᠰᠠᠨ
ᠲᠡᠦᠬᠡ ᠪᠡᠨ ᠠᠴᠢᠶᠠᠯᠠᠭᠰᠠᠨ ᠮᠣᠩᠭᠣᠯ ᠭᠡᠷ
ᠳᠡᠯᠡᠬᠡᠢ ᠬᠣᠷᠮᠣᠢᠯᠠᠵᠤ ᠠᠭᠤᠵᠢᠭᠤ ᠨᠤᠲᠤᠭᠰᠢᠭᠰᠠᠨ
ᠳᠡᠯᠭᠡᠷ ᠬᠣᠢᠮᠣᠷᠲᠤ ᠪᠠᠶᠠᠨ ᠬᠠᠩᠭᠠᠢ ᠠ᠋

ᠨᠠᠢ᠍ᠮᠠᠨ ᠵᠦᠭ ᠦ᠋ᠨ ᠪᠤᠶᠠᠨ ᠬᠤᠷᠤᠢᠯᠠᠭᠰᠠᠨ
ᠨᠠᠷᠠᠨ ᠢᠪᠡᠭᠡᠯᠲᠦ ᠮᠣᠩᠭᠣᠯ ᠭᠡᠷ
ᠨᠠᠢᠷᠰᠠᠭ ᠳᠠᠭᠤᠨ ᠤ᠋ ᠤᠶᠠᠩᠭ᠎ᠠ ᠴᠤᠤᠷᠢᠶᠠᠳᠠᠭᠰᠠᠨ
ᠨᠠᠰᠤᠨ ᠳᠠᠭᠤᠷᠢᠰᠬᠤ ᠨᠢᠭᠡᠨ ᠠᠯᠳᠠᠷ ᠠ᠋

ᠥᠯᠵᠡᠢ ᠵᠥᠩᠨᠡᠯᠲᠦ ᠢᠷᠦᠭᠡᠯ ᠴᠠᠯᠭᠢᠯᠠᠭᠰᠠᠨ
ᠥᠷᠥᠴᠡᠨ ᠳ᠋ᠦ᠍ ᠰᠡᠢᠯᠦᠭᠰᠡᠨ ᠮᠣᠩᠭᠣᠯ ᠭᠡᠷ
ᠥᠨᠥ ᠪᠢᠳᠡᠨ ᠦ᠌ ᠥᠪᠯᠡᠵᠦ ᠡᠵᠡᠮᠳᠡᠭᠰᠡᠨ
ᠦᠨᠡᠨᠴᠢᠬᠡᠨ ᠬᠠᠢᠷ᠎ᠠ ᠶ᠋ᠢᠨ ᠤᠤᠭᠠᠯ ᠭᠣᠯᠣᠮᠲᠠ ᠠ᠋
        
           ᠦᠰᠦᠭ ᠬᠠᠳᠠᠭᠴᠢ᠄ ᠠᠯᠲᠠᠨᠴᠢᠮᠡᠭ
           ᠦᠰᠦᠭ ᠠᠮᠢᠯᠠᠭᠤᠯᠤᠭᠴᠢ᠄ ᠠᠯᠲᠠᠨᠴᠢᠮᠡᠭ
           ᠬᠢᠨᠠᠭᠴᠢ᠄ ᠭᠦᠩᠭᠠᠷ