ᠽᠠᠨᠳᠠᠨ ᠬᠦᠷᠡᠩ-ᠤᠷᠠᠨᠵᠠᠶᠠᠭ᠎ᠠЗандан хүрэн-УранзаяаUranzaya Zandan huren
ᠽᠠᠨᠳᠠᠨ ᠬᠦᠷᠡᠩ
ᠣᠷᠳᠣᠰ ᠠᠷᠠᠳ ᠤ᠋ᠨ ᠳᠠᠭᠤᠤ
ᠤᠷᠠᠨᠵᠠᠶᠠᠭ᠎ᠠ ᠳᠠᠭᠤᠯᠠᠨ᠎ᠠ
ᠽᠠᠨᠳᠠᠨ ᠬᠦᠷᠡᠩ ᠢ᠋ᠶ᠋ᠡᠨ ᠤᠨᠤᠶ᠎ᠠ ᠳ᠋ᠣᠣ
ᠽᠠᠨᠳᠠᠨ ᠵᠣᠣ ᠳ᠋ᠠᠭᠠᠨ ᠮᠥᠷᠭᠥᠶ᠎ᠡ ᠳ᠋ᠣᠣ
ᠽᠠᠮᠪᠤᠲᠢᠪ ᠤ᠋ᠨ ᠠᠮᠢᠲᠠᠳ
ᠠᠮᠤᠷ ᠵᠢᠷᠭᠠᠬᠤ ᠪᠣᠯᠲᠤᠭᠠᠢ᠃
ᠮᠥᠰᠥᠨ ᠳᠡᠭᠡᠭᠦᠷ ᠭᠦᠶᠦᠳᠡᠯ ᠲᠡᠢ
ᠮᠥᠩᠭᠥᠨ ᠴᠣᠬᠣᠷ ᠮᠣᠷᠢ ᠯᠠ ᠮᠢᠨᠢ
ᠮᠥᠩᠭᠥ ᠱ᠌ᠢᠷᠦ ᠪᠡᠷ ᠴᠢᠮᠡᠭᠰᠡᠨ
ᠬᠡᠦᠬᠡᠨ ᠦᠷ᠎ᠡ ᠮᠢᠨᠢ ᠬᠥᠮᠦᠨ ᠦ᠌ ᠳ᠋ᠣᠣ᠃
ᠮᠠᠩᠬᠠᠨ ᠳᠡᠭᠡᠭᠦᠷ ᠭᠦᠶᠦᠳᠡᠯ ᠲᠡᠢ
ᠮᠠᠩᠨᠠᠢ ᠬᠠᠯᠵᠠᠨ ᠮᠣᠷᠢ ᠯᠠ ᠮᠢᠨᠢ
ᠮᠠᠩᠨᠤᠭ ᠲᠣᠷᠭ᠎ᠠ ᠪᠠᠷ ᠴᠢᠮᠡᠭᠰᠡᠨ
ᠬᠡᠦᠬᠡᠨ ᠦᠷ᠎ᠡ ᠮᠢᠨᠢ ᠬᠥᠮᠦᠨ ᠦ᠌ ᠳ᠋ᠣᠣ
ᠠᠮᠤᠷ ᠵᠢᠷᠭᠠᠬᠤ ᠪᠣᠯᠲᠤᠭᠠᠢ᠃
ᠮᠥᠩᠭᠥᠨ ᠴᠠᠭᠠᠨ ᠢ᠋ᠶ᠋ᠠᠨ ᠤᠨᠤᠶ᠎ᠠ ᠳ᠋ᠣᠣ
ᠮᠥᠩᠬᠡ ᠵᠣᠣ ᠳ᠋ᠠᠭᠠᠨ ᠮᠥᠷᠭᠥᠶ᠎ᠡ ᠳ᠋ᠣᠣ
ᠮᠥᠩᠬᠡ ᠯᠡ ᠲᠢᠪ ᠦ᠋ᠨ ᠠᠮᠢᠲᠠᠳ
ᠮᠡᠨᠳᠦ ᠵᠢᠷᠭᠠᠬᠤ ᠪᠣᠯᠲᠤᠭᠠᠢ᠃
ᠪᠣᠷᠣ ᠮᠣᠷᠢ ᠪᠠᠨ ᠤᠨᠤᠶ᠎ᠠ ᠳ᠋ᠣᠣ
ᠪᠣᠭᠳᠠ ᠡᠵᠡᠨ ᠳ᠋ᠡᠭᠡᠨ ᠮᠥᠷᠭᠥᠶ᠎ᠡ ᠳ᠋ᠣᠣ
ᠪᠣᠷᠣ ᠲᠣᠬᠣᠢ ᠶ᠋ᠢᠨ ᠠᠮᠢᠲᠠᠳ
ᠠᠮᠤᠷ ᠵᠢᠷᠭᠠᠬᠤ ᠪᠣᠯᠲᠤᠭᠠᠢ᠃
ᠵᠣᠷᠢᠭ ᠰᠠᠢᠲᠤ ᠬᠡᠭᠡᠷ ᠢ᠋ ᠪᠡᠨ
ᠵᠣᠭᠰᠣᠭᠠᠯ ᠦᠭᠡᠢ ᠤᠨᠤᠶ᠎ᠠ ᠳ᠋ᠣᠣ
ᠵᠣᠣ ᠯᠠ ᠪᠣᠭᠳᠠ ᠶ᠋ᠢᠨ ᠭᠡᠭᠡᠨ ᠳ᠋ᠦ᠍
ᠵᠣᠷᠢᠭᠯᠠᠨ ᠪᠠᠢᠵᠤ ᠯᠠ ᠮᠥᠷᠭᠥᠶ᠎ᠡ ᠳ᠋ᠣᠣ᠃
ᠰᠤᠭᠤᠯ ᠳᠤᠮᠳᠠᠭᠤᠷ ᠭᠦᠶᠦᠳᠡᠯ ᠲᠡᠢ
ᠰᠤᠬᠠᠢ ᠵᠡᠭᠡᠷᠳᠡ ᠮᠣᠷᠢ ᠯᠠ ᠮᠢᠨᠢ
ᠰᠤᠪᠤᠳ ᠱ᠌ᠢᠷᠦ ᠪᠡᠷ ᠴᠢᠮᠡᠭᠰᠡᠨ
ᠬᠡᠦᠬᠡᠨ ᠦᠷ᠎ᠡ ᠮᠢᠨᠢ ᠬᠥᠮᠦᠨ ᠦ᠌ ᠳ᠋ᠣᠣ᠃
ᠨᠢᠭᠡ ᠯᠡ ᠳᠠᠪᠠᠭ᠎ᠠ ᠶ᠋ᠢ ᠳᠠᠪᠠᠭᠰᠠᠨ ᠦᠭᠡᠢ
ᠡᠯᠢᠭᠡ ᠮᠢᠨᠢ ᠡᠮᠲᠡᠷᠡᠨᠡ
ᠨᠢᠭᠡ ᠯᠡ ᠰᠠᠷ᠎ᠠ ᠪᠣᠯᠤᠭᠰᠠᠨ ᠦᠭᠡᠢ
ᠡᠵᠢ ᠠᠪᠤ ᠶ᠋ᠢ ᠪᠡᠨ ᠰᠠᠨᠠᠯ᠎ᠠ ᠳ᠋ᠣᠣ᠃
ᠬᠣᠶᠠᠷ ᠳᠠᠪᠠᠭ᠎ᠠ ᠶ᠋ᠢ ᠳᠠᠪᠠᠭᠰᠠᠨ ᠦᠭᠡᠢ
ᠬᠣᠷᠮᠣᠢ ᠮᠢᠨᠢ ᠡᠯᠡᠭᠳᠡᠯ᠎ᠡ
ᠬᠣᠶᠠᠷ ᠰᠠᠷ᠎ᠠ ᠪᠣᠯᠤᠭᠰᠠᠨ ᠦᠭᠡᠢ
ᠡᠵᠢ ᠠᠪᠤ ᠶ᠋ᠢ ᠪᠡᠨ ᠰᠠᠨᠠᠯ᠎ᠠ ᠳ᠋ᠣᠣ᠃
ᠭᠤᠷᠪᠠᠨ ᠴᠤ᠌ ᠳᠠᠪᠠᠭ᠎ᠠ ᠶ᠋ᠢ ᠳᠠᠪᠠᠭᠰᠠᠨ ᠦᠭᠡᠢ
ᠭᠤᠲᠤᠯ ᠮᠢᠨᠢ ᠡᠯᠡᠭᠳᠡᠯ᠎ᠡ
ᠭᠤᠷᠪᠠᠨ ᠴᠤ᠌ ᠰᠠᠷ᠎ᠠ ᠪᠣᠯᠤᠭᠰᠠᠨ ᠦᠭᠡᠢ
ᠡᠵᠢ ᠠᠪᠤ ᠶ᠋ᠢ ᠪᠡᠨ ᠰᠠᠨᠠᠯ᠎ᠠ ᠳ᠋ᠣᠣ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠠᠯᠲᠠᠨᠴᠢᠮᠡᠭ
