ᠨᠤᠲᠤᠭ -ᠬᠦᠩᠭᠠᠷ Нутаг-Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ -ᠬᠦᠩᠭᠠᠷ Нутаг-Гүнгар

ᠨᠤᠲᠤᠭ -ᠬᠦᠩᠭᠠᠷ Нутаг-Гүнгар

2025-06-05

2643

ᠨᠤᠲᠤᠭ

   ᠵᠣᠬᠢᠶᠠᠭᠴᠢ᠄ ᠬᠦᠩᠭᠠᠷ 
   ᠤᠶᠠᠩᠭᠠᠯᠠᠭᠴᠢ᠄ ᠴᠠᠭᠠᠨ᠎ᠠ 

ᠰᠦᠷᠦᠭ ᠢ᠋ᠶ᠋ᠡᠷ ᠪᠠᠶᠠᠨ ᠴᠡᠯᠡᠭᠡᠷ ᠨᠤᠲᠤᠭ 
ᠰᠦ ᠪᠡᠷ ᠡᠯᠪᠡᠭ ᠴᠠᠢᠯᠭᠠᠨ ᠨᠤᠲᠤᠭ 
ᠰᠥᠭᠥᠳᠴᠦ ᠮᠥᠷᠭᠥᠬᠦ ᠳᠡᠭᠡᠳᠦ ᠶ᠋ᠢᠨ ᠨᠤᠲᠤᠭ 
ᠰᠦᠵᠦᠭᠯᠡᠨ ᠳᠠᠭᠠᠳᠬᠠᠬᠤ ᠡᠯᠪᠡᠷᠢᠯᠳᠦ ᠨᠤᠲᠤᠭ 

ᠡᠪᠦᠷ ᠲᠦ᠍ ᠪᠡᠨ ᠪᠦᠪᠡᠢᠯᠡᠭᠰᠡᠨ ᠡᠵᠢ ᠰᠢᠭ ᠨᠤᠲᠤᠭ 
ᠠᠷᠤᠨ ᠳ᠋ᠤ᠌ ᠪᠠᠨ ᠡᠭᠦᠷᠦᠭᠰᠡᠨ ᠠᠪᠤ ᠰᠢᠬ ᠨᠤᠲᠤᠭ 
ᠡᠯᠢᠭᠡᠨ ᠳ᠋ᠦ᠍ ᠪᠡᠨ ᠲᠡᠪᠡᠷᠢᠭᠰᠡᠨ ᠬᠠᠢᠷᠠᠲᠠᠢ ᠨᠤᠲᠤᠭ 
ᠥᠷᠥᠴᠡᠨ ᠳ᠋ᠦ᠍ ᠪᠡᠨ ᠥᠰᠬᠡᠭᠰᠡᠨ ᠣᠯᠵᠠ ᠲᠠᠢ ᠨᠤᠲᠤᠭ 

ᠮᠥᠮᠥ ᠶ᠋ᠢᠨ ᠡᠪᠦᠷ ᠰᠢᠭ ᠳᠤᠯᠠᠭᠠᠬᠠᠨ ᠨᠤᠲᠤᠭ
ᠮᠦᠬᠦᠯᠢᠩ ᠰᠢᠷᠣᠢ ᠨᠢ ᠠᠯᠲᠠ ᠰᠢᠬ ᠨᠤᠲᠤᠭ
ᠠᠪᠤ ᠶ᠋ᠢᠨ ᠨᠢᠷᠤᠭᠤ ᠰᠢᠬ ᠬᠠᠨᠠᠭᠠᠷ ᠨᠤᠲᠤᠭ
ᠠᠰᠢᠳᠠ ᠮᠥᠩᠬᠡᠵᠢᠬᠦ ᠢᠷᠦᠭᠡᠯᠲᠦ ᠨᠤᠲᠤᠭ

ᠠᠭᠤᠯᠠ ᠨᠢᠷᠤᠭᠤ ᠨᠢ ᠡᠷᠳᠡᠨᠢᠲᠦ ᠨᠤᠲᠤᠭ
ᠤᠬᠠᠭᠠᠷᠠᠭᠤᠯᠤᠨ ᠲᠣᠮᠣᠭᠠᠵᠢᠭᠤᠯᠤᠭᠰᠠᠨ ᠪᠤᠶᠠᠨᠲᠤ ᠨᠤᠲᠤᠭ
ᠠᠯᠲᠠ ᠪᠠᠷ ᠪᠣᠯᠪᠠᠴᠤ ᠰᠣᠯᠢᠬᠤ ᠦᠭᠡᠢ ᠨᠤᠲᠤᠭ
ᠠᠭ᠎ᠠ ᠢᠳᠡᠭᠰᠡᠨ ᠴᠦ᠍ ᠥᠮᠴᠢᠯᠡᠬᠦ ᠨᠤᠲᠤᠭ

ᠤᠬᠢᠯᠠᠩᠬᠠᠨ ᠵᠠᠶᠠᠭᠠᠭᠳᠠᠬᠤ ᠳ᠋ᠤ᠌ ᠥᠯᠥᠭᠡᠢ ᠨᠤᠲᠤᠭ
ᠣᠷᠣᠰᠢᠨ ᠰᠠᠭᠤᠬᠤ ᠳ᠋ᠤ᠌ ᠰᠠᠷᠠᠭᠤᠯᠬᠠᠨ ᠨᠤᠲᠤᠭ
ᠣᠪᠣᠭ᠎ᠠ ᠬᠡᠢᠳ ᠦ᠋ᠨ ᠲᠠᠬᠢᠯᠭᠠᠲᠤ ᠨᠤᠲᠤᠭ
ᠣᠨᠴᠠ ᠶ᠋ᠢᠨ ᠭᠠᠷᠤᠯᠲᠠ ᠪᠠᠷ ᠪᠠᠶᠠᠯᠢᠭ ᠨᠤᠲᠤᠭ

ᠮᠣᠷᠢᠳ ᠳᠣᠪᠲᠣᠯᠭᠠᠭᠰᠠᠨ ᠮᠣᠩᠭᠣᠯ ᠨᠤᠲᠤᠭ
ᠮᠠᠨᠳᠤᠯ ᠬᠤᠷᠤᠢᠯᠠᠭᠰᠠᠨ ᠬᠦᠰᠡᠯᠲᠦ ᠨᠤᠲᠤᠭ
ᠬᠡᠢᠮᠣᠷᠢ ᠳᠡᠭᠳᠡᠭᠡᠭᠰᠡᠨ ᠥᠢᠯᠡᠰᠴᠢ ᠨᠤᠲᠤᠭ
ᠬᠡᠰᠢᠭ ᠬᠤᠷᠤᠢᠯᠠᠭᠰᠠᠨ ᠥᠯᠵᠡᠢᠲᠦ ᠨᠤᠲᠤᠭ

ᠮᠠᠷᠭᠠᠰᠢ ᠶ᠋ᠢᠨ ᠰᠠᠢᠬᠠᠨ ᠦᠢᠯᠡᠰ ᠲᠡᠢ ᠨᠤᠲᠤᠭ
ᠮᠠᠨᠳᠤᠬᠤ ᠨᠠᠷᠠᠨ ᠢ᠋ ᠤᠭᠲᠤᠬᠤ ᠨᠤᠲᠤᠭ
ᠬᠤᠪᠢ ᠲᠠᠪᠢᠯᠠᠩ ᠨᠢ ᠲᠡᠩᠴᠡᠭᠰᠡᠨ ᠨᠤᠲᠤᠭ
ᠬᠣᠷᠸ᠎ᠠ ᠳ᠋ᠤ᠌ ᠠᠯᠳᠠᠷᠰᠢᠭᠰᠠᠨ ᠲᠡᠦᠬᠡ ᠨᠤᠲᠤᠭ

ᠡᠵᠡᠨ ᠪᠣᠭᠳᠠ ᠶ᠋ᠢᠨ ᠨᠣᠢᠷᠰᠤᠭᠰᠠᠨ ᠨᠤᠲᠤᠭ
ᠡᠪᠦᠭᠡ ᠳᠡᠭᠡᠳᠦᠰ ᠦ᠋ᠨ ᠣᠷᠣᠰᠢᠭᠰᠠᠨ ᠨᠤᠲᠤᠭ
ᠡᠩᠬᠡ ᠮᠡᠨᠳᠦ ᠶ᠋ᠢᠨ ᠳᠠᠭᠤᠤ ᠲᠠᠢ ᠨᠤᠲᠤᠭ
ᠡᠯᠢᠭᠡ ᠪᠦᠲᠦᠨ ᠨᠢᠭᠲᠠᠷᠠᠯ ᠤ᠋ᠨ ᠨᠤᠲᠤᠭ

ᠥᠷᠨᠢᠯ ᠬᠥᠭᠵᠢᠯ ᠢ᠋ᠶ᠋ᠡᠷ ᠪᠢᠯᠬᠠᠭᠰᠠᠨ ᠨᠤᠲᠤᠭ
ᠦᠢᠯᠡᠰᠴᠢ ᠲᠦᠮᠡᠨ ᠨᠢ ᠪᠠᠶᠠᠵᠢᠭᠰᠠᠨ ᠨᠤᠲᠤᠭ
ᠥᠨᠥ ᠪᠢᠳᠡᠨ ᠦ᠌ ᠥᠪᠯᠡᠭᠰᠡᠨ ᠨᠤᠲᠤᠭ
ᠦᠬᠦᠲᠡᠯ᠎ᠡ ᠰᠠᠬᠢᠬᠤ ᠬᠠᠢᠷ᠎ᠠ ᠶ᠋ᠢᠨ ᠨᠤᠲᠤᠭ!

  ᠦᠰᠦᠭ ᠠᠮᠢᠯᠠᠭᠤᠯᠤᠭᠴᠢ᠄ ᠠᠯᠲᠠᠨᠴᠢᠮᠡᠭ
  ᠦᠰᠦᠭ ᠬᠠᠲᠠᠭᠴᠢ᠄ ᠠᠯᠲᠠᠨᠴᠢᠮᠡᠭ
  ᠬᠢᠨᠠᠭᠴᠢ᠄ ᠣᠳᠬᠠᠨᠰᠣ᠎ᠠ