ᠵᠥᠪ ᠪᠢᠴᠢᠯᠭᠡ ᠶ᠋ᠢᠨ ᠬᠢᠨᠠᠭᠴᠢ ᠶ᠋ᠢᠨ ᠪᠠᠭ-ᠪᠠᠶᠠᠨ᠌ᠠᠡᠭᠤᠯᠠЗөв бичлэгийн хянагчийн баг- Баян-уул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠪ ᠪᠢᠴᠢᠯᠭᠡ ᠶ᠋ᠢᠨ ᠬᠢᠨᠠᠭᠴᠢ ᠶ᠋ᠢᠨ ᠪᠠᠭ-ᠪᠠᠶᠠᠨ᠌ᠠᠡᠭᠤᠯᠠЗөв бичлэгийн хянагчийн баг- Баян-уул

ᠵᠥᠪ ᠪᠢᠴᠢᠯᠭᠡ ᠶ᠋ᠢᠨ ᠬᠢᠨᠠᠭᠴᠢ ᠶ᠋ᠢᠨ ᠪᠠᠭ-ᠪᠠᠶᠠᠨ᠌ᠠᠡᠭᠤᠯᠠЗөв бичлэгийн хянагчийн баг- Баян-уул

2025-06-03

3930

ᠵᠥᠪ ᠪᠢᠴᠢᠯᠭᠡ ᠶ᠋ᠢᠨ ᠬᠢᠨᠠᠭᠴᠢ ᠶ᠋ᠢᠨ ᠪᠠᠭ

   ᠵᠣᠬᠢᠶᠠᠭᠴᠢ᠄ ᠪᠠᠶᠠᠨ᠌ᠠᠠᠭᠤᠯᠠ 
   ᠤᠶᠠᠩᠭᠠᠯᠠᠭᠴᠢ᠄ ᠠᠯᠲᠠᠨᠴᠡᠴᠡᠭ 

(ᠮᠣᠩᠭᠣᠯ ᠬᠡᠯᠡᠨ ᠦ᠌ ᠵᠥᠪ ᠪᠢᠴᠢᠯᠭᠡ ᠶ᠋ᠢᠨ ᠬᠣᠯᠪᠣᠭ᠎ᠠ 
ᠪᠠᠢᠭᠤᠯᠤᠭᠳᠠᠭᠰᠠᠨ ᠭᠤᠷᠪᠠᠨ ᠵᠢᠯ ᠦ᠋ᠨ ᠣᠢ ᠳ᠋ᠤ᠌ ᠵᠣᠷᠢᠭᠤᠯᠪᠠ)

ᠬᠣᠯᠪᠣᠭ᠎ᠠ ᠴᠤᠭᠯᠠᠷᠠᠯ ᠢ᠋ᠶ᠋ᠠᠨ ᠵᠢᠯᠣᠭᠣᠳᠤᠭᠰᠠᠨ 
ᠬᠢᠨᠠᠭᠴᠢ ᠶ᠋ᠢᠨ ᠪᠠᠭ ᠢ᠋ ᠪᠠᠬᠠᠷᠬᠠᠨᠠᠮ 
ᠬᠣᠷᠢᠨ ᠭᠤᠷᠪᠠᠨ ᠬᠤᠷᠠᠬᠤ ᠶ᠋ᠢᠨ 
ᠬᠣᠰᠢᠭᠤᠴᠢ ᠪᠠᠭᠰᠢ ᠨᠠᠷ ᠢ᠋ᠶ᠋ᠠᠨ ᠪᠢᠴᠢᠭᠯᠡᠨᠡᠮ! 

ᠦᠵᠦᠭ ᠢ᠋ᠶ᠋ᠡᠨ ᠬᠤᠷᠴᠠᠯᠠᠵᠤ ᠶᠠᠪᠤᠳᠠᠭ 
ᠦᠰᠦᠭ ᠢ᠋ᠶ᠋ᠡᠨ ᠥᠷᠥᠵᠦ ᠰᠠᠭᠤᠳᠠᠭ 
ᠦᠨᠡᠨ ᠵᠢᠳᠬᠦᠯᠳᠦ ᠬᠥᠮᠦᠰ ᠢ᠋ 
ᠦᠯᠡᠳᠡᠭᠡᠯ ᠦᠭᠡᠢ ᠪᠦᠬᠦᠨ ᠢ᠋ ᠨᠢ ᠲᠡᠮᠳᠡᠭᠯᠡᠶ᠎ᠡ 

ᠥᠪᠡᠷ ᠪᠤᠰᠤᠳ ᠤ᠋ᠨ ᠭᠡᠵᠦ ᠢᠯᠭᠠᠯ ᠦᠭᠡᠢ
ᠦᠷᠡᠭᠳᠡᠯ ᠭᠠᠷᠭᠠᠳᠠᠭ ᠪᠠᠭᠰᠢ ᠨᠠᠷ ᠮᠢᠨᠢ
ᠥᠪ ᠰᠣᠶᠣᠯ ᠭᠡᠵᠦ ᠵᠢᠳᠬᠦᠨ᠎ᠡ
ᠥᠨᠥᠴᠢᠨ ᠵᠢᠷᠦᠬᠡᠨ ᠡᠴᠡ ᠪᠡᠨ ᠲᠡᠮᠡᠦᠯᠦᠨ᠎ᠡ

ᠭᠠᠪᠰᠢᠭᠠᠢ ᠳᠠᠭᠠᠭᠤᠯᠤᠭᠴᠢ ᠠᠢ ᠵᠢᠶᠦ᠋ᠨ
ᠭᠠᠪᠢᠶᠠᠲᠤ ᠪᠠᠭᠰᠢ ᠣᠳᠬᠠᠨᠰᠣ᠎ᠠ
ᠭᠠᠯᠪᠠ ᠳ᠋ᠤ᠌ ᠬᠣᠪᠣᠷᠬᠠᠨ ᠨᠤᠮᠤᠴᠢᠨ
ᠭᠠᠷᠮᠠᠭᠠᠢ ᠵᠢᠳᠬᠦᠯᠲᠡᠨ ᠪᠠᠶᠠᠰᠤᠯ

ᠰᠠᠢᠬᠠᠨ ᠤᠶᠠᠩᠭᠠᠯᠠᠭᠴᠢ ᠣᠳᠬᠣᠩᠬᠤᠸᠠᠷ
ᠰᠠᠨᠠᠭ᠎ᠠ ᠰᠠᠢᠲᠠᠢ ᠡᠷᠴᠢᠨ
ᠰᠠᠯᠪᠤᠷᠢ ᠬᠣᠯᠪᠣᠭᠠᠨ ᠤ᠋ ᠠᠬᠠᠯᠠᠭᠴᠢᠳ
ᠰᠠᠢᠨ ᠳᠤᠷ᠎ᠠ ᠶ᠋ᠢᠨ ᠣᠷᠣᠯᠴᠠᠭᠴᠢᠳ

ᠠᠪᠢᠶᠠᠰ ᠴᠢᠳᠠᠪᠤᠷᠢᠲᠠᠨ ᠬᠥᠬᠡ ᠮᠣᠩᠭᠣᠯ
ᠠᠰᠪᠤᠷ ᠴᠠᠭᠠᠪᠤᠷ ᠲᠠᠪᠤᠨ ᠤᠰᠤ
ᠠᠷᠪᠠᠨ ᠨᠠᠢ᠍ᠮᠠ ᠶ᠋ᠢᠨ ᠨᠡᠷᠡᠨ᠎ᠡ
ᠠᠴᠢᠲᠤ ᠪᠠᠭᠰᠢ ᠫ· ᠣᠶᠤᠨᠭᠡᠷᠡᠯ

ᠬᠣᠷᠢᠨ ᠣᠨ ᠤ᠋ ᠦᠯᠢᠭᠡᠷ
ᠬᠤᠯᠤᠭᠠᠨ᠎ᠠ ᠵᠢᠯ ᠦ᠋ᠨ ᠳᠣᠮᠣᠭ
ᠬᠣᠪᠳᠣᠯ ᠵᠢᠷᠦᠬᠡᠨ ᠳ᠋ᠡᠭᠡᠨ ᠰᠢᠩᠭᠡᠭᠡᠭᠰᠡᠨ
ᠬᠣᠷᠴᠢᠨ ᠨᠤᠲᠤᠭ ᠤ᠋ᠨ ᠬᠥᠬᠡᠨᠠᠷᠠᠰᠤ ᠮᠢᠨᠢ!

ᠨᠡᠭᠦᠳᠡᠯ ᠰᠣᠶᠣᠯ ᠤ᠋ᠨ ᠥᠯᠥᠭᠡᠢ
ᠨᠤᠲᠤᠭ ᠤ᠋ᠨ ᠡᠭᠡᠴᠢ ᠨᠠᠷᠠᠨᠵᠥ᠋ᠭ᠌
ᠨᠠᠮ᠎ᠠ ᠶ᠋ᠢ ᠪᠢᠴᠢᠭᠦᠯᠵᠦ ᠰᠤᠷᠭᠠᠭᠰᠠᠨ
ᠨᠠᠢ᠍ᠮᠠᠨ ᠬᠤᠰᠢᠭᠤᠨ ᠤ᠋ ᠰᠠᠷᠠᠨ᠎ᠠ

ᠠᠯᠤᠰ ᠬᠣᠯᠠ ᠶ᠋ᠢᠨ ᠲᠦᠮᠡᠨᠴᠡᠴᠡᠭ
ᠠᠷᠠᠳ ᠤ᠋ᠨ ᠪᠠᠭᠰᠢ ᠮᠥᠴᠢᠷ
ᠠᠷᠪᠠᠨ ᠲᠠᠪᠤᠳᠤᠭᠠᠷ ᠤ᠋ᠨ ᠭᠡᠷᠡᠯ
ᠠᠶᠠᠯᠭᠤ ᠳᠠᠭᠤᠤ ᠲᠠᠢ ᠪᠠᠶᠠᠩᠬᠠᠩᠭᠠᠢ

ᠦᠭᠡ ᠶ᠋ᠢᠨ ᠪᠠᠶᠠᠨ ᠢ᠋ ᠭᠠᠢᠬᠠᠭᠤᠯᠤᠭᠰᠠᠨ
ᠬᠡᠯᠡᠨ ᠦ᠌ ᠤᠷᠠᠨ ᠢ᠋ᠶ᠋ᠠᠨ ᠱᠠᠭᠰᠢᠭᠤᠯᠤᠭᠰᠠᠨ
ᠨᠣᠮ ᠤ᠋ᠨ ᠳᠠᠯᠠᠢ᠂ ᠰᠠᠢᠬᠠᠨᠳᠠᠯᠠᠢ
ᠨᠣᠮ ᠲᠠᠢ ᠮᠣᠩᠭᠣᠯ ᠤ᠋ᠨ ᠣᠶᠤᠨ ᠤ᠋ ᠳᠠᠯᠠᠢ

ᠦᠯᠡᠮᠵᠢ ᠪᠤᠶᠠᠨ ᠬᠤᠷᠢᠶᠠᠭᠰᠠᠨ
ᠥᠨᠳᠥᠷ ᠨᠠᠰᠤᠲᠠᠢ ᠲᠩᠷᠢ ᠡᠵᠢ
ᠦᠵᠦᠮᠦᠴᠢᠨ ᠨᠤᠲᠤᠭ ᠤ᠋ᠨ ᠲᠤᠶᠠᠭ᠎ᠠ
ᠥᠷᠭᠡᠨ ᠮᠡᠳᠡᠯᠭᠡ ᠲᠡᠢ ᠰᠠᠷᠠᠨᠰᠥ᠋ᠬᠡ

ᠭᠣᠭᠣᠰᠤᠲᠠᠢ ᠬᠠᠨ ᠤ᠋ ᠡᠩᠭᠡᠷ
ᠬᠤᠯᠤᠰᠤᠲᠠᠢ ᠨᠠᠭᠤᠷ ᠤ᠋ᠨ ᠬᠥᠪᠡᠭᠡᠨ ᠳ᠋ᠦ᠍
ᠮᠠᠯ ᠤ᠋ᠨ ᠬᠡᠰᠢᠭ ᠢ᠋ᠶ᠋ᠡᠨ ᠬᠤᠷᠤᠢᠯᠠᠭᠰᠠᠨ
ᠬᠣᠨᠢᠴᠢᠨ ᠪᠦᠰᠡᠭᠦᠢ ᠡᠭᠡᠴᠢ ᠮᠢᠨᠢ!

ᠳᠠᠮᠳᠢᠨᠰᠦ᠋ᠷᠦᠩ ᠦ᠋ᠨ ᠨᠤᠲᠤᠭ ᠠ᠋ᠴᠠ
ᠨᠠᠮᠵᠢᠯᠰᠥ᠋ᠷᠦᠩ ᠨᠠᠰᠤᠲᠠᠨ ᠲᠠᠢ
ᠳᠠᠪᠬᠤᠷ ᠡᠭᠡᠰᠢᠭᠲᠦ ᠪᠢᠴᠢᠭ ᠢ᠋
ᠳᠠᠭᠠᠭᠤᠯᠵᠤ ᠪᠢᠴᠢᠳᠡᠭ ᠨᠠᠷᠠᠨ ᠲᠠᠢ

ᠣᠨᠴᠠᠭᠠᠢ ᠴᠢᠷᠮᠠᠢᠳᠠᠭ ᠣᠳᠣᠨ
ᠣᠯᠠᠨ᠎ᠠ ᠲᠠᠨᠢᠭᠳᠠᠭᠰᠠᠨ ᠡᠷᠳᠡᠨᠢᠴᠡᠴᠡᠭ
ᠤᠤᠭᠠᠯ ᠰᠣᠶᠣᠯ ᠤ᠋ᠨ ᠤᠯᠠᠮᠵᠢᠯᠠᠭᠴᠢ
ᠤᠯᠠᠭᠠᠨᠴᠠᠪ ᠤ᠋ᠨ ᠭᠠᠷᠮ᠎ᠠ ᠨᠠᠰᠤᠲᠠᠨ

ᠬᠡᠢᠮᠣᠷᠢ ᠰᠦᠯᠵᠢᠶ᠎ᠡ᠂ ᠬᠡᠦᠬᠡᠯᠳᠡᠢ ᠬᠣᠯᠪᠣᠭ᠎ᠠ ᠭᠡᠵᠦ
ᠬᠡᠨ ᠡᠴᠡ ᠴᠦ᠍ ᠳᠤᠲᠠᠭᠤ ᠦᠭᠡᠢ ᠴᠢᠷᠮᠠᠢᠭᠰᠠᠨ
ᠪᠣᠰᠤᠭ᠎ᠠ ᠮᠣᠩᠭᠣᠯ ᠤ᠋ᠨ ᠦᠨᠡᠨ ᠵᠠᠶᠠᠭ᠎ᠠ
ᠪᠣᠷᠵᠢᠭᠢᠨ ᠣᠪᠣᠭ ᠤ᠋ᠨ ᠠᠵᠠᠵᠠᠶᠠᠭ᠎ᠠ ᠮᠢᠨᠢ

ᠴᠠᠬᠠᠷ ᠤ᠋ᠨ ᠪᠠᠷᠢᠮᠵᠢᠶ᠎ᠠ ᠶᠠᠷᠢᠶ᠎ᠠ
ᠬᠠᠯᠬ᠎ᠠ ᠶ᠋ᠢᠨ ᠰᠠᠢᠬᠠᠨ ᠠᠶᠠᠯᠭᠤ ᠪᠠᠷ ᠢ᠋ᠶ᠋ᠠᠨ
ᠴᠠᠬᠢᠮ ᠬᠠᠭᠤᠳᠠᠰᠤᠨ ᠳ᠋ᠤ᠌ ᠠᠯᠳᠠᠷᠰᠢᠭᠰᠠᠨ
ᠬᠠᠮᠤᠭ ᠤ᠋ᠨ ᠳᠠᠭᠤᠷᠢᠶᠠᠯ ᠨᠠᠨᠳᠢᠨ

ᠬᠣᠪᠣᠷ ᠰᠢᠷᠣᠢ ᠶ᠋ᠢᠨ ᠣᠷᠣᠨ ᠢ᠋ᠶ᠋ᠠᠷ
ᠬᠣᠰᠢᠭᠤᠴᠢᠯᠠᠵᠤ ᠶᠠᠪᠤᠭ᠎ᠠ ᠴᠢᠨᠳᠠᠮᠤᠨᠢ
ᠬᠣᠯᠪᠣᠭ᠎ᠠ ᠰᠦᠯᠵᠢᠶ᠎ᠡ ᠶ᠋ᠢᠨ ᠠᠴᠢ ᠪᠠᠷ
ᠬᠤᠷᠠᠵᠤ ᠴᠤᠭᠯᠠᠷᠠᠭᠰᠠᠨ ᠪᠠᠭᠰᠢ ᠨᠠᠷ ᠠ᠋

ᠥᠷᠥᠪᠴᠢᠬᠡᠨ ᠰᠡᠳᠬᠢᠯ ᠲᠡᠢ ᠰᠠᠮᠠᠭ᠎ᠠ
ᠦᠵᠡᠰᠬᠦᠯᠡᠩ ᠪᠦᠰᠡᠭᠦᠢ ᠤᠷᠠᠩᠭᠤᠸ᠎ᠠ
ᠥᠭᠡᠳᠡ ᠪᠡᠨ ᠲᠠᠲᠠᠭᠴᠢ ᠮᠡᠷᠭᠡᠨ
ᠦᠨᠳᠦᠰᠦᠲᠡᠨ ᠶᠠᠰᠤᠲᠠᠨ ᠤ᠋ ᠣᠮᠣᠭᠰᠢᠯ ᠠ᠋

ᠬᠡᠯᠡᠨ ᠵᠦᠢ ᠳ᠋ᠦ᠍ ᠨᠡᠪᠲᠡᠷᠬᠡᠢ
ᠬᠦᠷᠢᠶ᠎ᠡ ᠨᠤᠲᠤᠭ ᠤ᠋ᠨ ᠬᠦᠰᠡᠯ
ᠥᠭᠦᠯᠡᠭᠡᠳ ᠪᠠᠷᠠᠬᠤ ᠦᠭᠡᠢ ᠣᠳᠤᠴᠤᠳ
ᠥᠨᠢᠷ ᠮᠣᠩᠭᠣᠯ ᠤ᠋ᠨ ᠰᠤᠳᠤᠴᠤᠳ

ᠴᠢᠷᠮᠠᠢᠯᠭ᠎ᠠ ᠭᠠᠷᠭᠠᠭᠰᠠᠨ ᠬᠥᠮᠦᠰ ᠢ᠋
ᠴᠢᠳᠠᠯ ᠢ᠋ᠶ᠋ᠠᠷ ᠢ᠋ᠶ᠋ᠠᠨ ᠵᠢᠳᠬᠦᠭᠰᠡᠨ ᠪᠠᠭᠰᠢ ᠨᠠᠷ ᠤ᠋ᠨ
ᠴᠢᠩ ᠰᠡᠳᠬᠢᠯ᠂ ᠴᠢᠬᠡᠴᠢ ᠰᠤᠷᠲᠠᠯ ᠢ᠋
ᠴᠢᠮᠡᠳ ᠦ᠋ᠨ ᠪᠠᠶᠠᠨ᠌ᠠᠠᠭᠤᠯᠠ ᠪᠢ

ᠴᠢᠰᠤᠨ ᠳ᠋ᠤ᠌ ᠪᠠᠨ ᠠᠭᠤᠰᠬᠠᠶ᠎ᠠ
ᠴᠢᠮᠦᠭᠡᠨ ᠳ᠋ᠦ᠍ ᠪᠠᠨ ᠰᠢᠩᠭᠡᠭᠡᠶ᠎ᠡ!
ᠴᠠᠭᠠᠰᠤᠨ ᠳ᠋ᠤ᠌ ᠲᠡᠮᠳᠡᠭᠯᠡᠶ᠎ᠡ
ᠴᠠᠬᠢᠮ ᠳ᠋ᠤ᠌ ᠮᠥᠩᠬᠡᠯᠡᠶ᠎ᠡ!

  ᠦᠰᠦᠭ ᠠᠮᠢᠯᠠᠭᠤᠯᠤᠭᠴᠢ᠄ ᠪᠠᠶᠠᠨ᠌ᠠᠠᠭᠤᠯᠠ
  ᠰᠡᠭᠦᠳᠡᠷ ᠵᠢᠷᠤᠭ ᠤᠷᠠᠯᠠᠭᠴᠢ᠄ ᠨᠡᠷᠡᠨ᠎ᠡ
  ᠦᠰᠦᠭ ᠬᠠᠲᠠᠭᠴᠢ᠄ ᠨᠡᠷᠡᠨ᠎ᠡ
  ᠬᠢᠨᠠᠭᠴᠢ᠄ ᠣᠳᠬᠠᠨᠰᠣ᠎ᠠ