ᠪᠤᠶᠠᠨᠲᠤ ᠢᠷᠥᠭᠡᠯ ᠬᠡᠮᠡᠬᠦ ᠰᠤᠳᠤᠷ ᠣᠷᠣᠰᠢᠪᠠБуянт ерөөл хэмээх судар оршив ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠶᠠᠨᠲᠤ ᠢᠷᠥᠭᠡᠯ ᠬᠡᠮᠡᠬᠦ ᠰᠤᠳᠤᠷ ᠣᠷᠣᠰᠢᠪᠠБуянт ерөөл хэмээх судар оршив

ᠪᠤᠶᠠᠨᠲᠤ ᠢᠷᠥᠭᠡᠯ ᠬᠡᠮᠡᠬᠦ ᠰᠤᠳᠤᠷ ᠣᠷᠣᠰᠢᠪᠠБуянт ерөөл хэмээх судар оршив

2025-06-03

590

ᠪᠤᠶᠠᠨᠲᠤ ᠢᠷᠥᠭᠡᠯ ᠬᠡᠮᠡᠬᠦ ᠰᠤᠳᠤᠷ ᠣᠷᠣᠰᠢᠪᠠ

ᠣᠮ ᠠ ᠬᠣᠩ   ᠅  
ᠪᠤᠶᠠᠨᠲᠤ ᠢᠷᠥᠭᠡᠯ ᠬᠡᠮᠡᠬᠦ ᠰᠤᠳᠤᠷ ᠣᠷᠣᠰᠢᠪᠠ 
ᠠᠷᠪᠠᠨ ᠵᠦᠭ ᠦ᠋ᠨ ᠢᠯᠠᠭᠤᠭᠰᠠᠳ ᠬᠥᠪᠡᠭᠦᠨ ᠯᠤᠭᠡ ᠰᠡᠯᠲᠡ ᠪᠦᠭᠦᠳᠡ ᠳᠡ ᠮᠥᠷᠭᠥᠮᠦ᠃
ᠬᠢᠵᠠᠭᠠᠷ ᠦᠭᠡᠢ ᠠᠮᠢᠲᠠᠨ ᠢ᠋ ᠰᠠᠨᠰᠠᠷ ᠠ᠋ᠴᠠ ᠭᠡᠲᠦᠯᠭᠡᠬᠦ ᠶ᠋ᠢᠨ ᠲᠤᠯᠠ ᠪᠢ ᠃
ᠬᠢᠵᠠᠭᠠᠷ ᠦᠭᠡᠢ ᠠᠷᠢᠯᠤᠭᠰᠠᠨ ᠰᠠᠨᠠᠯ ᠢ᠋ᠶ᠋ᠠᠷ ᠢᠷᠥᠭᠡᠯ ᠲᠠᠯᠪᠢᠮᠤ᠃ 
ᠬᠤᠳᠠᠯ ᠦᠭᠡᠢ ᠦᠨᠡᠨ ᠭᠤᠷᠪᠠᠨ ᠡᠷᠳᠡᠨᠢ ᠪᠠ ᠬᠦᠴᠦᠨ ᠴᠢᠳᠠᠯ ᠪᠦᠬᠦᠢᠲᠦ᠃
ᠠᠷᠰᠢ ᠨᠠᠷ ᠤ᠋ᠨ ᠬᠦᠴᠦᠨ ᠢ᠋ᠶ᠋ᠡᠷ ᠦᠨᠡᠨ ᠦᠭᠡᠰ ᠪᠦᠲᠦᠭᠡᠬᠦᠶ᠎ᠡ ᠪᠣᠯᠲᠤᠭᠠᠢ ᠅
ᠬᠠᠮᠤᠭ ᠡᠯ᠎ᠡ ᠲᠥᠷᠥᠯ ᠪᠣᠯᠤᠨ ᠲᠦᠷᠦᠬᠦᠢ ᠳ᠋ᠦ᠍ᠷ ᠢ᠋ᠶ᠋ᠡᠨ ᠪᠢ ᠃
ᠮᠠᠭᠤᠳᠠᠭᠰᠠᠨ ᠮᠠᠭᠤᠳᠠᠯ᠎ᠠ ᠪᠤᠷᠤᠭᠤᠲᠠᠨ ᠤᠨᠠᠬᠤᠢ᠃ 
ᠲᠥᠷᠥᠯ ᠣᠷᠣᠨ ᠪᠦᠭᠦᠳᠡ ᠳ᠋ᠦ᠍ᠷ ᠦᠯᠦ ᠲᠥᠷᠥᠨ ᠴᠢᠯᠥᠭᠡ᠃
ᠤᠴᠠᠷᠠᠯ ᡂᠨ ᠪᠦᠷᠢᠳᠦᠭᠰᠡᠨ ᠬᠥᠮᠦᠨ ᠪᠡᠶ᠎ᠡ ᠣᠯᠲᠤᠭᠠᠢ ᠅ 
ᠲᠥᠷᠥᠭᠰᠡᠨ ᠦ᠌ ᠳᠠᠷᠤᠢ ᠠ᠋ᠴᠠ ᠰᠠᠨᠰᠠᠷ ᠳᠠᠬᠢ ᠵᠢᠷᠭᠠᠯ ᠳ᠋ᠤᠷ ᠃
ᠦᠯᠦ ᠲᠣᠷᠤᠨ ᠲᠣᠨᠢᠯᠬᠤᠢ ᠶ᠋ᠢ ᠣᠯᠬᠤ ᠶ᠋ᠢᠨ ᠲᠤᠯᠠ ᠵᠣᠷᠢᠭᠯᠠᠨ᠃ 
ᠮᠠᠭᠠᠳ ᠭᠠᠷᠬᠤ ᠰᠠᠨᠠᠯ ᠢ᠋ᠶ᠋ᠠᠷ ᠠᠷᠢᠭᠤᠨ ᠤ᠋ ᠡᠷᠢᠯ ᠳ᠋ᠦ᠍ᠷ᠃
ᠬᠢᠴᠢᠶᠡᠩᠭᠦᠢ ᠴᠢᠩᠭᠠᠷᠠᠵᠤ ᠣᠷᠣᠯᠳᠣᠬᠤ ᠪᠣᠯᠲᠤᠭᠠᠢ ᠅ 
ᠮᠢᠨᠦ ᠮᠠᠭᠠᠳ ᠭᠠᠷᠬᠤ ᠴᠠᠭ ᠲᠤᠷ ᠨᠥᠬᠥᠳ ᠲᠥᠷᠥᠯ ᠡᠳ᠋ ᠲᠠᠸᠠᠷ ᠃
ᠠᠯᠢ ᠵᠦᠢᠯᠲᠡᠨ ᠪᠦᠭᠦᠳᠡᠭᠡᠷ ᠲᠣᠳᠬᠠᠷ ᠦᠭᠡᠢ ᠪᠣᠯᠤᠭᠠᠳ ᠃ 
ᠵᠣᠬᠢᠯᠳᠤᠬᠤᠢ ᠨᠥᠬᠥᠴᠡᠯ  ᠦ᠋ᠳ ᠪᠦᠭᠦᠳᠡᠭᠡᠷ ᠬᠡᠷᠬᠢᠵᠦ ᠃
ᠰᠠᠨᠠᠭᠰᠠᠨ ᠤ᠋ ᠵᠣᠷᠢᠭ ᠢ᠋ᠶ᠋ᠠᠷ ᠪᠦᠲᠦᠬᠦᠶ᠎ᠡ ᠪᠣᠯᠲᠤᠭᠠᠢ ᠅ 
ᠮᠠᠭᠠᠳ ᠭᠠᠷᠴᠤ ᠬᠡᠵᠢᠶᠡᠳᠡ ᠠᠮᠢᠳᠤᠷᠠᠨ ᠠᠲᠠᠯ᠎ᠠ᠃
ᠣᠪᠠᠳᠢᠨᠢ ᠪᠠᠭᠰᠢ ᠨᠠᠷ ᠲᠤᠷ ᠠᠮᠠᠯᠠᠭᠰᠠᠨ ᠶᠣᠰᠣᠭᠠᠷ᠃ 
ᠴᠠᠭᠠᠵᠠ ᠪᠠ ᠴᠢᠨᠠᠷ ᠠ᠋ᠴᠠ ᠠᠯᠳᠠᠰ ᡂᠨ ᠪᠣᠯᠤᠭᠴᠢ᠃
ᠭᠡᠮ ᠦ᠋ᠳ ᠢ᠋ᠶ᠋ᠡᠷ ᠬᠡᠵᠢᠶ᠎ᠡ ᠴᠦ᠍ ᠦᠯᠦ ᠬᠦᠷᠬᠦ ᠪᠣᠯᠲᠤᠭᠠᠢ ᠅ 
ᠠᠷᠢᠭᠤᠨ ᠤ᠋ ᠰᠢᠲᠦᠭᠡᠨ ᠳ᠋ᠦ᠍ᠷ ᠶᠡᠬᠡ ᠬᠥᠯᠭᠡ ᠶ᠋ᠢᠨ ᠶᠣᠰᠣᠨ ᠤ᠋᠃
ᠮᠠᠰᠢ ᠭᠦᠨ ᠪᠠ ᠠᠬᠤᠢ ᠶᠡᠬᠡ ᠬᠡᠳᠦᠢ ᠪᠦᠬᠦ ᠨᠣᠮ ᠤ᠋ᠳ ᠢ᠋ ᠃
ᠠᠮᠢᠲᠠᠨ ᠤ᠋ ᠲᠤᠰᠠ ᠶ᠋ᠢᠨ ᠲᠤᠯᠠ ᠣᠯᠠᠨ ᠪᠡᠷᠬᠡ ᠴᠢᠳᠠᠯ ᠢ᠋ᠶ᠋ᠠᠷ᠃
ᠴᠠᠭᠯᠠᠰᠢ ᠦᠭᠡᠢ ᠭᠠᠯᠠᠪ  ᡂᠨ ᠲᠤᠷ ᠬᠢᠴᠢᠶᠡᠬᠦ ᠪᠣᠯᠲᠤᠭᠠᠢ ᠅ 
ᠡᠰᠢ ᠣᠨᠣᠯ ᠡᠷᠳᠡᠮ ᠢ᠋ᠶ᠋ᠡᠷ ᠦᠨᠳᠦᠰᠦ ᠪᠡᠨ ᠳᠦᠭᠦᠷᠭᠡᠨ ᠃
ᠠᠮᠤᠷᠯᠢᠩᠭᠤᠢ ᠮᠠᠰᠢ ᠤᠰᠬᠠᠯ ᠡᠨᠡᠷᠢᠬᠦᠢ ᠲᠡᠭᠦᠯᠳᠡᠷ᠃ 
ᠤᠢᠳᠬᠠᠷ ᠦᠭᠡᠢ ᠲᠤᠰᠠ ᠬᠢᠭᠴᠢ ᠪᠦᠲᠦᠭᠡᠯ ᠦ᠋ᠨ ᠵᠣᠷᠢᠭᠲᠤ᠃
ᠡᠷᠬᠢᠮ ᠲᠡᠢᠮᠦ ᠪᠠᠭᠰᠢ ᠨᠠᠷ  ᠲᠤᠷ  ᠡᠵᠡᠭᠳᠡᠬᠦ  ᠪᠣᠯᠲᠤᠭᠠᠢ ᠅ 
ᠣᠢᠯᠠᠭᠴᠢ ᠪᠠᠷ ᠬᠤᠲᠤᠭᠲᠤ ᠶ᠋ᠢ ᠰᠢᠲᠦᠭᠰᠡᠨ ᠦ᠌ ᠶᠣᠰᠣᠭᠠᠷ ᠃
ᠪᠡᠶ᠎ᠡ ᠠᠮᠢᠨ ᠡᠳ᠋ ᠲᠣᠷ ᠢ᠋ᠶ᠋ᠠᠨ ᠬᠡᠯᠪᠡᠯᠵᠡᠬᠦ ᠦᠭᠡᠢ ᠪᠡᠷ ᠃ 
ᠪᠠᠭᠰᠢ ᠶᠤᠭᠠᠨ ᠪᠠᠶᠠᠰᠬᠠᠭᠠᠳ ᠦᠯᠦ ᠪᠠᠶᠠᠰᠬᠠᠬᠤᠢ ᠶ᠋ᠢ᠃
ᠨᠢᠭᠡᠨ ᠭᠱᠠᠨ ᠲᠡᠳᠦᠢᠬᠡᠨ ᠴᠦ᠍ ᠦᠯᠦ ᠬᠢᠬᠦ ᠪᠣᠯᠲᠤᠭᠠᠢ ᠅ 
ᠭᠦᠨ ᠪᠠ ᠨᠠᠷᠢᠨ ᠲᠦᠷᠪᠡᠯ ᠦᠭᠡᠢ ᠪᠢᠯᠢᠭ ᠲᠤᠢᠯ ᠤ᠋ᠨ ᠤᠳᠬ᠎ᠠ ᠶ᠋ᠢ ᠃
ᠪᠤᠷᠤᠭᠤ ᠣᠨᠣᠯ ᠭᠬᠢᠷ ᠦ᠋ᠳ ᠢ᠋ᠶ᠋ᠡᠷ ᠭᠤᠲᠤᠭᠤᠯᠤᠯ ᠥᠭᠡᠬᠦ᠃ 
ᠠᠪᠤᠷᠢᠳᠠ ᠤᠢᠯᠠᠭᠴᠢ ᠳ᠋ᠤᠷ ᠥᠭᠦᠯᠡᠭᠰᠡᠨ ᠶᠣᠰᠣᠭᠠᠷ ᠃
ᠲᠡᠢᠨ ᠬᠦ᠌ ᠨᠠᠳᠤᠷ ᠠᠪᠤᠷᠢᠳᠠ ᠨᠣᠮᠯᠠᠨ ᠠᠬᠤ ᠪᠣᠯᠲᠤᠭᠠᠢ ᠅ 
ᠱᠠᠭᠵᠠᠮᠤᠨᠢ ᠶ᠋ᠢᠨ ᠲᠠᠭᠠᠯᠠᠯ ᠤ᠋ᠨ ᠤᠳᠬ᠎ᠠ ᠠ᠋ᠴᠠ ᠨᠢᠴᠤᠵᠤ ᠃
ᠮᠥᠩᠬᠡ ᠬᠢᠭᠡᠳ ᠲᠠᠰᠤᠷᠬᠠᠢ ᠦᠵᠡᠯ  ᡂᠨ ᠢ᠋ ᠵᠢᠭᠠᠭᠴᠢ ᠃ 
ᠪᠤᠶᠠᠨ ᠪᠤᠰᠤ ᠶ᠋ᠢᠨ ᠪᠠᠭᠰᠢ ᠨᠠᠷ ᠪᠠ ᠬᠢᠯᠢᠨᠴᠡᠲᠦ ᠨᠥᠬᠥᠳ ᠦ᠋ᠨ ᠃
ᠡᠷᠬᠡᠰᠢᠯ ᠳ᠋ᠦ᠍ᠷ ᠬᠡᠵᠢᠶ᠎ᠡ ᠴᠦ᠍ ᠦᠯᠦ ᠣᠳᠬᠤ ᠪᠣᠯᠲᠤᠭᠠᠢ ᠅ 
ᠠᠷᠢᠯᠤᠭᠰᠠᠨ ᠰᠠᠨᠠᠭᠠᠨ ᠤ᠋ ᠳᠠᠷᠪᠠᠯᠭ᠎ᠠ ᠪᠠᠨ ᠳᠡᠯᠭᠡᠵᠦ ᠃
ᠰᠤᠯᠠ ᠪᠤᠰᠤ ᠬᠢᠴᠢᠶᠡᠩᠭᠦᠢ ᠶ᠋ᠢᠨ ᠰᠠᠯᠬᠢᠨ ᠢ᠋ᠶ᠋ᠠᠷ ᠬᠥᠳᠡᠯᠵᠦ᠃ 
ᠭᠤᠷᠪᠠᠨ ᠬᠦᠷᠳᠦ ᠶ᠋ᠢᠨ ᠣᠩᠭᠣᠴᠠ ᠶ᠋ᠢ ᠪᠡᠬᠢᠯᠡᠭᠡᠳ ᠪᠡᠶᠡᠳᠡᠨ ᠃
ᠣᠷᠴᠢᠯᠠᠩ ᠤ᠋ᠨ ᠳᠠᠯᠠᠢ ᠠ᠋ᠴᠠ ᠭᠡᠲᠦᠯᠦᠭᠡᠳ ᠣᠳᠲᠤᠭᠠᠢ ᠅ 
ᠬᠡᠳᠦᠢ ᠣᠯᠠᠨ ᠰᠣᠨᠣᠰᠤᠭᠴᠢ ᠦᠯᠡᠮᠵᠢᠳᠡ ᠥᠭᠭᠦᠭᠴᠢ ᠃
ᠠᠷᠢᠯᠤᠭᠰᠠᠨ ᠱᠠᠭᠱᠠᠪᠠᠳ ᠲᠤ᠌ ᠰᠢᠨᠵᠢᠯᠡᠬᠦ ᠪᠢᠯᠢᠭ ᠢ᠋ᠶ᠋ᠡᠷ᠃
ᠦᠨᠳᠦᠰᠦ ᠪᠡᠨ ᠦᠯᠡᠮᠵᠢᠳᠡ ᠪᠣᠯᠭᠠᠭᠰᠠᠨ ᠤ᠋ ᠲᠡᠳᠦᠢ ᠳ᠋ᠦ᠍ᠷ ᠃
ᠤᠯᠠᠮ ᠤᠯᠠᠮ ᠣᠮᠣᠭ ᠠ᠋ᠴᠠ ᠬᠠᠭᠠᠴᠠᠬᠤ ᠪᠣᠯᠲᠤᠭᠠᠢ ᠅ 
ᠤᠬᠠᠭᠠᠨ ᠤ᠋ ᠬᠦᠴᠦᠨ ᠢ᠋ᠶ᠋ᠡᠷ ᠪᠣᠭᠳᠠ ᠨᠣᠮ ᠤ᠋ᠨ ᠤᠳᠬ᠎ᠠ ᠶ᠋ᠢ ᠃
ᠶᠣᠰᠣᠴᠢᠯᠠᠨ ᠨᠡᠭᠡᠭᠡᠬᠦᠢ ᠳ᠋ᠦ᠍ᠷ ᠪᠤᠰᠤᠳ ᠢ᠋ ᠦᠯᠦ ᠡᠷᠢᠭᠴᠢ᠃ 
ᠮᠡᠷᠭᠡᠴᠤᠳ ᠤ᠋ᠨ ᠡᠮᠦᠨ᠎ᠡ ᠡᠴᠡ ᠬᠢᠵᠠᠭᠠᠷ ᠦᠭᠡᠢ ᠨᠣᠮ ᠤ᠋ᠳ ᠲᠤᠷ ᠃
ᠬᠠᠨᠤᠯ ᠦᠭᠡᠢ ᠰᠣᠨᠣᠰᠤᠯᠭ᠎ᠠ ᠦᠢᠯᠡᠳᠦᠭᠴᠢ ᠪᠣᠯᠲᠤᠭᠠᠢ ᠅ 
ᠰᠣᠨᠣᠰᠤᠭᠰᠠᠨ ᠤᠳᠬᠠᠰ ᠢ᠋ᠶ᠋ᠠᠨ ᠳᠥᠷᠪᠡᠨ ᠵᠦᠢᠯ ᠦ᠋ᠨ ᠰᠢᠨᠵᠢᠯᠡᠯ  ᠪᠡᠷ᠃
ᠡᠳᠦᠷ ᠰᠥᠨᠢ ᠶᠣᠰᠣᠴᠢᠯᠠᠨ ᠮᠠᠰᠢ ᠰᠠᠢᠲᠤᠷ ᠰᠢᠨᠵᠢᠵᠦ ᠃ 
ᠰᠠᠨᠠᠯᠭ᠎ᠠ ᠶ᠋ᠢ ᠰᠠᠨᠠᠭᠰᠠᠭᠠᠷ ᠪᠣᠯᠤᠭᠰᠠᠨ ᠤ᠋ ᠰᠢᠨᠵᠢᠯᠡᠯ ᠃
ᠣᠶᠤᠨ ᠢ᠋ᠶ᠋ᠠᠷ ᠰᠡᠵᠢᠭ ᠰᠡᠳᠬᠢᠯ ᠲᠠᠰᠤᠷᠠᠬᠤ ᠪᠣᠯᠲᠤᠭᠠᠢ ᠅ 
ᠠᠯᠢ ᠴᠠᠭ ᠲᠤᠷ ᠨᠣᠮ ᠤ᠋ᠨ ᠶᠣᠰᠣ ᠰᠠᠨᠠᠭᠰᠠᠭᠠᠷ ᠪᠣᠯᠤᠭᠰᠠᠨ ᠃
ᠣᠶᠤᠨ ᠢ᠋ᠶ᠋ᠠᠷ ᠮᠠᠭᠠᠳ ᠮᠠᠲᠠᠯ ᠣᠯᠳᠠᠨ ᠠᠬᠤᠢ ᠦᠶ᠎ᠡ ᠳ᠋ᠦ᠍ᠷ ᠃ 
ᠡᠨᠡ ᠨᠠᠰᠤ ᠶ᠋ᠢᠨ ᠬᠤᠷᠢᠴᠠᠯ ᠢ᠋ ᠲᠠᠰᠤᠯᠠᠭᠴᠢ ᠬᠢᠨᠠᠯ ᠢ᠋ᠶ᠋ᠠᠷ᠃
ᠠᠭᠯᠠᠭ ᠢ᠋ ᠰᠢᠲᠦᠨ ᠶᠣᠰᠣᠴᠢᠯᠠᠨ ᠪᠦᠲᠦᠭᠡᠬᠦ ᠪᠣᠯᠲᠤᠭᠠᠢ ᠅ 
ᠲᠡᠷᠡ ᠮᠡᠲᠦ ᠭᠤᠷᠪᠠᠨ ᠬᠦᠷᠳᠦ ᠶ᠋ᠢᠨ ᠦᠢᠯᠡᠰ ᠢ᠋ᠶ᠋ᠡᠷ ᠪᠤᠷᠬᠠᠨ ᠤ᠋ ᠃
ᠲᠠᠭᠠᠯᠠᠯ ᠢ᠋ ᠰᠡᠳᠬᠢᠯ ᠳ᠋ᠡᠭᠡᠨ ᠣᠷᠣᠭᠤᠯᠬᠤ ᠦᠶ᠎ᠡ ᠳ᠋ᠦ᠍ᠷ ᠃ 
ᠣᠷᠴᠢᠯᠠᠩ ᠳ᠋ᠤᠷ ᠬᠤᠷᠢᠴᠠᠬᠤ ᠡᠨᠡ ᠨᠠᠰᠤ ᠶ᠋ᠢᠨ ᠦᠵᠡᠭᠳᠡᠯ ᠃
ᠠᠮᠠᠷᠠᠲᠠᠯ᠎ᠠ ᠣᠶᠤᠨ ᠨᠤᠭᠤᠳ ᠦᠯᠦ ᠪᠣᠯᠬᠤ ᠪᠣᠯᠲᠤᠭᠠᠢ ᠅ 
ᠪᠢ ᠪᠡᠷ ᠮᠢᠨᠦ ᠪᠦᠬᠦᠢ ᠡᠯ᠎ᠡ ᠬᠠᠮᠤᠭ ᠪᠣᠳᠠᠰ ᠨᠤᠭᠤᠳ ᠲᠤᠷ ᠃
ᠦᠯᠦ ᠲᠣᠷᠬᠤ ᠣᠶᠤᠨ ᠢ᠋ᠶ᠋ᠠᠷ ᠬᠠᠷᠠᠮ ᠢ᠋ᠶ᠋ᠠᠨ ᠳᠠᠷᠤᠭᠠᠳ ᠃ 
ᠠᠩᠬ᠎ᠠ ᠡᠳ᠋ ᠦ᠋ᠨ ᠥᠭᠯᠢᠭᠡ ᠪᠡᠷ ᠠᠮᠢᠲᠠᠨ ᠢ᠋ ᠬᠣᠷᠢᠶᠠᠨ᠃
ᠲᠡᠨᠳᠡ ᠡᠴᠡ ᠨᠣᠮ ᠢ᠋ ᠥᠭᠴᠦ ᠬᠠᠩᠭᠠᠬᠤᠶ᠎ᠠ ᠪᠣᠯᠲᠤᠭᠠᠢ ᠅ 
ᠶᠠᠮᠪᠠᠷ ᠰᠠᠬᠢᠯ ᠰᠤᠷᠲᠠᠬᠤᠨ ᠤ᠋ ᠥᠴᠦᠬᠡᠨ ᠢ᠋ ᠪᠣᠯᠪᠠᠴᠤ ᠃
ᠮᠠᠭᠠᠳ ᠭᠠᠷᠬᠤ ᠰᠠᠨᠠᠯ ᠢ᠋ᠶ᠋ᠠᠷ ᠪᠣᠳᠢ ᠬᠤᠲᠤᠭ ᠬᠦᠷᠲᠡᠯ᠎ᠡ ᠃ 
ᠠᠮᠢᠨ ᠳ᠋ᠠᠭᠠᠨ ᠬᠦᠷᠪᠡᠰᠦ ᠪᠡᠷ ᠲᠠᠯᠪᠢᠯ ᠦᠭᠡᠢ ᠰᠠᠬᠢᠵᠤ ᠃
ᠲᠣᠨᠢᠯᠤᠭᠰᠠᠨ ᠪᠠᠲᠤ ᠴᠢᠮᠡᠭ ᠪᠠᠷᠢᠬᠤᠶ᠎ᠠ ᠪᠣᠯᠲᠤᠭᠠᠢ ᠅ 
ᠨᠠᠳᠤᠷ ᠭᠡᠰᠬᠡᠨ ᠳᠡᠯᠡᠳᠦᠭᠡᠳ ᠳᠠᠷᠤᠯᠠᠭᠴᠢ ᠲᠡᠳᠡᠨ ᠢ᠋ ᠃
ᠦᠵᠡᠬᠦ ᠪᠠ ᠰᠣᠨᠣᠰᠬᠤ ᠪᠠ ᠰᠠᠨᠠᠭᠳᠠᠬᠤ ᠦᠶ᠎ᠡ ᠳ᠋ᠦ᠍ᠷ ᠃ 
ᠤᠷᠢᠨ ᠠ᠋ᠴᠠ ᠬᠠᠭᠠᠴᠠᠭᠠᠳ ᠵᠢᠴᠢ ᠪᠠᠰᠠ ᠲᠡᠳᠡᠨ ᠦ᠌ ᠃
ᠡᠷᠳᠡᠮ ᠢ᠋ ᠮᠠᠭᠲᠠᠨ ᠬᠦᠯᠢᠴᠡᠩᠭᠦᠢ ᠪᠢᠰᠢᠯᠭᠠᠬᠤ ᠪᠣᠯᠲᠤᠭᠠᠢ ᠅ 
ᠴᠠᠭᠠᠨ ᠨᠣᠮ ᡂᠨ ᠠᠯᠢ ᠡᠰᠡ ᠣᠯᠤᠭᠰᠠᠨ ᠢ᠋ ᠣᠯᠬᠤ ᠪᠠ᠃
ᠣᠯᠤᠭᠰᠠᠨ ᠢ᠋ ᠳᠡᠭᠡᠷ᠎ᠡ ᠡᠴᠡ ᠳᠡᠭᠡᠭᠰᠢᠳᠡ ᠥᠰᠬᠦᠢ ᠳ᠋ᠦ᠍ᠷ ᠃ 
ᠡᠪᠳᠡᠯ ᠪᠣᠯᠬᠤ ᠭᠤᠷᠪᠠᠨ ᠵᠦᠢᠯ ᠦ᠋ᠨ ᠵᠠᠯᠢᠬᠠᠢ ᠶ᠋ᠢ ᠲᠡᠪᠴᠢᠵᠦ᠃
ᠬᠢᠴᠢᠶᠡᠩᠭᠦᠢ ᠬᠢᠴᠢᠶᠡᠯ ᠢ᠋ ᠲᠤᠭᠤᠷᠪᠢᠬᠤ ᠪᠣᠯᠲᠤᠭᠠᠢ ᠅ 
ᠰᠠᠨᠰᠠᠷ ᠳᠠᠬᠢ ᠣᠨᠢᠰᠣᠲᠤ ᠪᠢᠯᠢᠭ ᠡᠴᠡ ᠬᠠᠭᠠᠴᠠᠨ ᠃
ᠨᠢᠷᠸᠠᠨ ᠳ᠋ᠠᠬᠢ ᠣᠨᠢᠰᠣᠲᠤ ᠡᠨᠡᠷᠢᠬᠦᠢ ᠬᠤᠯᠠᠳᠠᠨ ᠃ 
ᠣᠯᠠᠩᠭᠢᠨ᠎ᠠ ᠰᠠᠨᠰᠠᠷ ᠪᠣᠯᠬᠤ  ᠠᠮᠤᠷᠯᠢᠯ  ᠢ᠋ ᠲᠡᠪᠴᠢᠵᠦ᠃
ᠬᠣᠣᠰᠯᠠᠨ ᠠᠭᠴᠢ ᠰᠠᠮᠠᠳᠢ ᠶ᠋ᠢ ᠪᠢᠰᠢᠯᠭᠠᠬᠤ ᠪᠣᠯᠲᠤᠭᠠᠢ ᠅ 
ᠳᠠᠯᠠᠢ ᠮᠡᠲᠦ ᠠᠬᠤ ᠶᠣᠰᠣᠨ ᠤ᠋ ᠤᠳᠬᠠᠰ ᠠ᠋ᠴᠠ ᠰᠤᠨᠵᠢᠵᠤ᠃
ᠪᠠᠭ᠎ᠠ ᠰᠠᠭ᠎ᠠ ᠬᠣᠭᠣᠰᠣᠨ ᠢ᠋ ᠳᠡᠭᠡᠳᠦ ᠳᠡ ᠪᠠᠷᠢᠭᠴᠢ ᠃ 
ᠬᠠᠮᠤᠭ ᠪᠤᠷᠤᠭᠤ ᠮᠠᠭᠤ ᠦᠵᠡᠯ ᠣᠭᠣᠭᠠᠲᠠ ᠤᠰᠠᠳᠴᠤ ᠃
ᠬᠠᠮᠤᠭ ᠨᠣᠮ ᡂᠨ ᠬᠣᠭᠤᠰᠤᠨ᠎ᠠ ᠣᠨᠣᠭᠳᠠᠬᠤ ᠪᠣᠯᠲᠤᠭᠠᠢ ᠅ 
ᠵᠢᠷᠤᠮ ᠦᠭᠡᠢ ᠰᠡᠳᠬᠢᠯ ᠢ᠋ᠶ᠋ᠡᠷ ᠰᠤᠷᠲᠠᠯ ᠢ᠋ᠶ᠋ᠠᠨ ᠡᠪᠳᠡᠵᠦ ᠃
ᠳᠡᠭᠡᠳᠦᠰ ᠦ᠋ᠨ ᠬᠣᠷᠢᠭ ᠦᠢᠯᠡᠰ ᠡᠴᠡ ᠦᠯᠦ ᠠᠶᠤᠭᠴᠢ᠃ 
ᠴᠠᠭᠠᠵᠠ ᠪᠠᠨ ᠠᠯᠳᠠᠷᠠᠭᠰᠠᠨ ᠲᠣᠢᠳ ᠤ᠋ᠨ ᠲᠦᠷᠢᠲᠡᠨ ᠢ᠋ ᠃
ᠪᠢ ᠪᠡᠷ ᠪᠦᠷᠢᠨ ᠱᠠᠭᠱᠠᠪᠠᠳ ᠲᠤᠷ ᠨᠡᠢᠯᠡᠭᠦᠯᠬᠦ ᠪᠣᠯᠲᠤᠭᠠᠢ ᠅ 
ᠦᠨᠡᠨ ᠮᠥᠷ ᠢ᠋ ᠣᠭᠣᠷᠤᠭᠠᠳ ᠪᠤᠷᠤᠭᠤ ᠮᠥᠷ ᠲᠣᠷ ᠣᠷᠣᠭᠴᠢ ᠃
ᠭᠡᠮ ᠦ᠋ᠨ ᠪᠠᠭᠰᠢ ᠬᠢᠯᠢᠨᠴᠡᠲᠦ ᠨᠥᠬᠥᠷ  ᡂᠨ ᠲᠤᠷ ᠠᠪᠲᠠᠭᠴᠢ ᠃ 
ᠠᠯᠢ ᠪᠦᠬᠦᠢ ᠲᠡᠳᠡᠭᠡᠷ ᠢ᠋ ᠪᠢ ᠪᠡᠷ ᠠᠮᠠᠷ ᠭᠢᠯᠪᠠᠷ᠎ᠠ᠃
ᠢᠯᠠᠭᠤᠭᠰᠠᠳ ᠤ᠋ᠨ ᠵᠢᠷᠤᠮ ᠮᠥᠷ ᠲᠣᠷ ᠵᠣᠬᠢᠶᠠᠬᠤ ᠪᠣᠯᠲᠤᠭᠠᠢ ᠅ 
ᠪᠢ ᠪᠡᠷ ᠮᠡᠷᠭᠡᠨ ᠭᠤᠷᠪᠠᠨ ᠦᠢᠯᠡ ᠠᠷᠰᠯᠠᠨ ᠤ᠋ ᠳᠠᠭᠤᠨ ᠢ᠋ᠶ᠋ᠠᠷ᠃
ᠪᠤᠷᠤᠭᠤ ᠨᠣᠮᠲᠤ ᠦᠨᠡᠭᠡᠳ ᠦ᠋ᠨ ᠰᠠᠮᠪᠠᠭ᠎ᠠ ᠶ᠋ᠢ ᠳᠠᠷᠤᠵᠤ ᠃ 
ᠨᠣᠮᠣᠬᠠᠳᠬᠤᠢ ᠠᠷᠭᠠᠰ  ᠢ᠋ᠶ᠋ᠠᠷ ᠳᠠᠭᠠᠭᠤᠯᠤᠨ ᠪᠠᠷᠢᠵᠤ᠃
ᠦᠯᠦ ᠰᠦᠢᠳᠬᠦ ᠱᠠᠰᠢᠨ ᠴᠢᠮᠡᠭ ᠪᠠᠷᠢᠨ ᠠᠬᠤ ᠪᠣᠯᠲᠤᠭᠠᠢ ᠅ 
ᠠᠯᠢ ᠭᠠᠵᠠᠷ ᠲᠥᠷᠥᠯ ᠠᠪᠴᠤ ᠪᠤᠷᠬᠠᠨ ᠪᠠᠭᠰᠢ ᠶ᠋ᠢᠨ ᠵᠠᠷᠯᠢᠭ ᠤ᠋ᠨ ᠃
ᠷᠠᠰᠢᠶᠠᠨ ᠢ᠋ ᠤᠮᠳᠠᠯᠠᠬᠤ ᠲᠡᠷᠡ ᠴᠠᠭ ᠤ᠋ᠳ ᠪᠦᠷᠢ ᠳ᠋ᠦ᠍ᠷ᠃ 
ᠢᠵᠠᠭᠤᠷ ᠳᠦᠷᠰᠦ ᠣᠯᠳᠠᠪᠤᠷᠢ ᠡᠷᠬᠡ ᠪᠢᠯᠢᠭ ᠲᠡᠭᠦᠯᠳᠡᠷ ᠃
ᠨᠠᠰᠤᠨ ᠤᠷᠲᠤ ᠡᠮᠭᠡᠭ ᠦᠭᠡᠢ ᠵᠢᠷᠭᠠᠯᠠᠩᠲᠤ ᠪᠣᠯᠲᠤᠭᠠᠢ ᠅ 
ᠮᠢᠨᠦ ᠪᠡᠶ᠎ᠡ ᠠᠮᠢᠨ ᠬᠢᠭᠡᠳ ᠡᠳ᠋ᠯᠡᠭᠳᠡᠬᠦᠨ ᠨᠤᠭᠦᠳ ᠲᠣᠷ ᠃
ᠦᠷᠭᠦᠯᠵᠢᠳᠡ ᠬᠥᠨᠥᠭᠡᠬᠦ ᠰᠠᠨᠠᠭᠠᠨ ᠢ᠋ ᠪᠠᠷᠢᠭᠠᠳ ᠃ 
ᠨᠠᠳᠤᠷ ᠮᠠᠭᠤ ᠥᠭᠦᠯᠡᠭᠴᠢ ᠲᠡᠳᠡᠭᠡᠷ ᠢ᠋ ᠮᠥᠨ ᠬᠦ᠌ ᠪᠢ ᠃
ᠦᠯᠡᠮᠵᠢᠳᠡ ᠡᠬᠡ ᠮᠡᠲᠦ ᠠᠰᠠᠷᠠᠭᠴᠢ ᠪᠣᠯᠲᠤᠭᠠᠢ ᠅ 
ᠪᠢ ᠪᠡᠷ ᠮᠥᠨ ᠬᠦ᠌ ᠲᠡᠳᠡᠭᠡᠷ ᠢ᠋ ᠥᠨᠢ ᠤᠳᠠᠯ ᠦᠭᠡᠢ ᠪᠡᠷ ᠃
ᠥᠪᠡᠷ ᠡᠴᠡ ᠪᠤᠰᠤᠴᠢᠷ ᠢ᠋ ᠬᠠᠢᠷᠠᠯᠠᠬᠤ ᠪᠣᠳᠢᠴᠢᠳ ᠃ 
ᠦᠯᠡᠮᠵᠢᠳᠡ ᠠᠷᠢᠯᠤᠭᠰᠠᠨ ᠰᠠᠨᠠᠭᠠᠲᠤ ᠪᠣᠯᠭᠠᠵᠤ᠃
ᠳᠡᠩᠰᠡᠯ ᠦᠭᠡᠢ ᠪᠣᠳᠢ ᠬᠤᠲᠤᠭ ᠥᠭᠭᠦᠨ ᠠᠬᠤ ᠪᠣᠯᠲᠤᠭᠠᠢ ᠅ 
ᠬᠡᠨ ᠢ᠋ᠶ᠋ᠡᠷ ᠡᠨᠡ ᠢᠷᠥᠭᠡᠯ ᠢ᠋ ᠦᠵᠡᠬᠦ ᠪᠠ ᠰᠣᠨᠣᠰᠬᠤ ᠃
ᠰᠡᠳᠬᠢᠯ ᠳ᠋ᠡᠭᠡᠨ ᠳᠤᠷᠠᠳᠬᠤᠢ  ᠶ᠋ᠢ ᠦᠢᠯᠡᠳᠦᠭᠴᠢ ᠲᠡᠳᠡ ᠴᠦ᠍ ᠃ 
ᠢᠯᠠᠭᠤᠭᠰᠠᠨ ᠬᠥᠪᠡᠭᠦᠳ ᠦ᠋ᠨ ᠠᠬᠤᠢ ᠶᠡᠬᠡ ᠢᠷᠥᠭᠡᠯ ᠃
ᠪᠦᠭᠦᠳᠡ ᠶ᠋ᠢ ᠦᠢᠯᠡᠳᠬᠦᠢ ᠳ᠋ᠦ᠍ᠷ ᠮᠢᠲᠠᠯ ᠦᠭᠡᠢ ᠪᠣᠯᠲᠤᠭᠠᠢ ᠅ 
ᠦᠯᠡᠮᠵᠢᠲᠦ  ᠰᠠᠨᠠᠭᠠᠨ ᠤ᠋ ᠬᠦᠴᠦᠨ ᠢ᠋ᠶ᠋ᠡᠷ ᠪᠦᠲᠦᠭᠡᠨ ᠃
ᠠᠬᠤᠢ ᠶᠡᠬᠡ ᠢᠷᠥᠭᠡᠯ ᠢ᠋ ᠲᠠᠯᠪᠢᠭᠰᠠᠨ ᠤ᠋ ᠬᠦᠴᠦ ᠪᠡᠷ ᠃ 
ᠢᠷᠥᠭᠡᠯ ᠦ᠋ᠨ ᠪᠠᠷᠠᠮᠢᠳ ᠢ᠋ ᠣᠭᠣᠭᠠᠲᠠ ᠲᠤᠭᠤᠯᠵᠤ ᠃
ᠬᠠᠮᠤᠭ ᠡᠯ᠎ᠡ ᠠᠮᠢᠲᠠᠨ ᠤ᠋ ᠬᠦᠰᠡᠯ ᠬᠠᠩᠬᠤ ᠪᠣᠯᠲᠤᠭᠠᠢ ᠅᠃ ᠅
                            
   ᠰᠤᠳᠤᠷ ᠤᠨ ᠦᠰᠦᠭ  ᠢ ᠠᠮᠢᠯᠠᠭᠤᠯᠦᠭ᠍ᠴᠢ ᠄  ᠳᠡᠭᠰᠢᠮᠥ᠋ᠩᠬᠡ 
   ᠬᠢᠨᠡᠭ᠍ᠴᠢ᠄   ᠬᠡᠢᠮᠦᠷᠢ ᠰᠦᠯᠵᠢᠶ᠎ᠡ ᠶᠢᠨ ᠱᠠᠰᠢᠨ ᠰᠢᠲᠦᠯᠭᠡ  ᠬᠣᠯᠪᠣᠭ᠎ᠠ