ᠨᠠᠮᠤᠷ ᠤ᠋ᠨ ᠳᠤᠮᠳᠠ ᠰᠠᠷ᠎ᠠ ᠶ᠋ᠢᠨ ᠠᠷᠪᠠᠨ ᠳᠣᠯᠣᠭᠠᠨ – ᠱ᠂ ᠭᠦᠷᠦᠪᠠᠽᠠᠷ Намрын дунд сарын арван тулаан - Ш᠂ Гүрбазар
ᠨᠠᠮᠤᠷ ᠤ᠋ᠨ ᠳᠤᠮᠳᠠ ᠰᠠᠷ᠎ᠠ ᠶ᠋ᠢᠨ ᠠᠷᠪᠠᠨ ᠳᠣᠯᠣᠭᠠᠨ
ᠱ᠂ ᠭᠦᠷᠦᠪᠠᠽᠠᠷ
ᠴᠡᠷᠢᠭ ᠡᠴᠡ ᠬᠠᠯᠠᠭᠳᠠᠭᠰᠠᠨ ᠨᠥᠬᠥᠷ ᠨᠢ
ᠨᠠᠭᠠᠳᠤᠮ ᠤ᠋ᠨ ᠳᠠᠷᠠᠭ᠎ᠠ ᠢᠷᠡᠵᠦ
ᠴᠡᠴᠡᠭᠳᠡᠯᠭᠡᠷ ᠦ᠋ᠨ ᠮᠢᠨᠢ ᠬᠤᠷᠢᠮ
ᠨᠠᠮᠤᠷ ᠤ᠋ᠨ ᠳᠤᠮᠳᠠ ᠰᠠᠷ᠎ᠠ ᠳ᠋ᠤ᠌ ᠪᠣᠯᠤᠯ᠎ᠠ
ᠵᠤᠨ ᠤ᠋ ᠭᠤᠷᠪᠠᠨ ᠰᠠᠷ᠎ᠠ
ᠳᠠᠭᠤᠯᠠᠵᠤ ᠢᠰᠬᠡᠭᠰᠡᠨ ᠠᠢᠷᠠᠭ ᠨᠢ
ᠱᠠᠷ ᠤ᠋ᠨ ᠠᠷᠠᠰᠤᠨ ᠬᠥᠬᠦᠦᠷ ᠲᠡᠢ
ᠠᠭᠰᠤᠷᠬᠤ ᠠᠳᠠᠯᠢ ᠪᠤᠴᠠᠯᠵᠤ
ᠨᠤᠲᠤᠭ ᠤ᠋ᠨ ᠣᠯᠠᠨ ᠭᠡᠢᠴᠢᠳ ᠢ᠋ᠶ᠋ᠡᠷ
ᠭᠡᠷ ᠪᠠᠭᠠᠳᠠᠭᠰᠠᠨ ᠨᠠᠢᠷ
ᠨᠠᠮᠠᠶ᠋ᠢ ᠬᠡᠷᠡᠭ ᠦᠭᠡᠢ ᠭᠡᠬᠦ ᠰᠢᠭ
ᠵᠢᠷᠦᠬᠡ ᠪᠠᠭᠲᠠᠬᠤ ᠪᠠᠷ ᠦᠭᠡᠢ ᠳᠠᠪᠴᠢᠭᠤ
ᠲᠠᠯ᠎ᠠ ᠲᠠᠯ᠎ᠠ ᠶ᠋ᠢᠨ ᠰᠥᠩᠴᠢ ᠨᠠᠷ
ᠠᠢᠷᠠᠭ ᠤ᠋ᠨ ᠳᠡᠭᠡᠵᠢ ᠠᠶᠠᠭᠠᠯᠠᠨ
ᠬᠠᠳᠠᠮ ᠬᠠᠳᠠᠮ ᠤ᠋ᠨ ᠬᠢᠨᠢ ᠡᠮᠦᠨ᠎ᠡ
ᠬᠣᠶᠠᠷ ᠭᠠᠷᠳᠠᠨ ᠪᠠᠢᠬᠤ ᠳ᠋ᠤ᠌
ᠠᠵᠠᠲᠠᠢ ᠬᠦᠷᠭᠡᠨ ᠡᠴᠡ ᠨᠢ ᠥᠷᠢᠰᠴᠦ
ᠳᠠᠭᠤᠤ ᠲᠠᠢ ᠳᠡᠭᠡᠵᠢ ᠶ᠋ᠢ ᠨᠢ ᠬᠦᠷᠲᠡᠬᠦ ᠭᠡᠵᠦ
ᠠᠮᠢᠲᠠᠨ ᠠ᠋ᠴᠠ ᠲᠦᠷᠦᠭᠦᠨ ᠰᠠᠷᠪᠠᠢᠵᠤ
ᠨᠠᠢᠷ ᠤ᠋ᠨ ᠬᠤᠲᠤᠭ ᠲᠤ ᠠᠯᠠᠭᠠᠳᠠᠭᠤᠯᠤᠯᠠ ᠤᠤᠭᠤᠴᠢᠬᠠᠯ᠎ᠠ᠁
ᠵᠤᠨ ᠤ᠋ ᠭᠤᠷᠪᠠᠨ ᠰᠠᠷ᠎ᠠ
ᠳᠠᠭᠤᠯᠠᠵᠤ ᠢᠰᠬᠡᠭᠰᠡᠨ
ᠳᠠᠭᠤᠤ ᠲᠠᠢ ᠨᠢ ᠴᠣᠭ ᠤᠤᠭᠤᠴᠢᠬᠠᠯ᠎ᠠ
ᠵᠤᠨ ᠤ᠋ ᠭᠤᠷᠪᠠᠨ ᠰᠠᠷ᠎ᠠ
ᠳᠤᠷᠠᠯᠠᠯ ᠢ᠋ᠶ᠋ᠠᠨ ᠨᠢᠭᠤᠭᠰᠠᠨ
ᠪᠦᠱᠦᠭᠦᠷᠬᠡᠯ ᠲᠡᠢ ᠪᠡᠨ ᠴᠣᠭ ᠤᠤᠭᠤᠴᠢᠬᠠᠯ᠎ᠠ
《ᠠᠷᠭ᠎ᠠ ᠦᠭᠡᠢ ᠠᠮᠠᠷᠠᠭ》 ᠢ᠋
ᠠᠷᠭ᠎ᠠ ᠦᠭᠡᠢ ᠶ᠋ᠢᠨ ᠡᠷᠬᠡᠨ ᠳ᠋ᠦ᠍ ᠠᠶᠠᠯᠤᠯᠠ
ᠰᠦᠢ᠂ ᠢᠷᠦᠭᠡᠯ ᠬᠣᠶᠠᠷ ᠲᠠᠭᠠᠨ
ᠰᠣᠭᠲᠣᠬᠤ ᠳᠥᠭᠥᠭᠰᠡᠨ ᠨᠥᠬᠥᠷ ᠨᠢ
ᠲᠣᠢ ᠬᠤᠷᠢᠮ ᠤ᠋ᠨ ᠢ᠋ᠶ᠋ᠠᠨ ᠵᠣᠴᠢᠨ ᠲᠠᠢ
ᠲᠣᠭᠣᠭᠰᠠᠨ ᠰᠢᠨᠵᠢ ᠦᠭᠡᠢ ᠶᠠᠷᠢᠵᠤ ᠬᠠᠷᠠᠭᠳᠠᠨ᠎ᠠ
ᠠᠢᠯ ᠤ᠋ᠨ ᠡᠭᠦᠳᠡᠨ ᠳ᠋ᠦ᠍ ᠵᠣᠭᠰᠣᠵᠤ
ᠰᠢᠬᠢᠷ ᠲᠡᠢ ᠪᠤᠳᠠᠭ᠎ᠠ ᠭᠣᠷᠢᠳᠠᠭᠰᠠᠨ
ᠠᠮᠠ ᠬᠠᠯᠲᠠᠷ ᠪᠠᠭ᠎ᠠ ᠨᠠᠰᠤ
ᠨᠠᠢᠷ ᠲᠤ ᠬᠣᠷᠭᠣᠳᠠᠬᠤ ᠳ᠋ᠠᠭᠠᠨ
ᠨᠠᠮᠠᠶ᠋ᠢ ᠱᠣᠬᠣᠭᠣᠷᠬᠠᠯᠠ
ᠬᠠᠷᠢᠨ ᠲᠡᠷᠡ ᠮᠢᠨᠢ
ᠬᠠᠳᠠᠮ ᠤ᠋ᠨ ᠢ᠋ᠶ᠋ᠠᠨ ᠥᠭᠭᠦᠭᠰᠡᠨ ᠬᠠᠳᠠᠭ ᠢ᠋
ᠳᠤᠲᠠᠭᠤ ᠡᠪᠬᠡᠨ ᠠᠯᠮᠠᠢᠷᠠᠵᠤ
ᠬᠣᠶᠠᠷᠬᠠᠨ ᠤᠷᠤᠭᠤᠯ ᠳᠠᠮᠵᠢᠭᠰᠠᠨ
ᠵᠦᠩᠰᠡ ᠲᠡᠢ ᠠᠷᠢᠬᠢ ᠪᠠᠨ ᠰᠠᠪᠢᠷᠠᠭᠤᠯᠤᠨᠠ
ᠬᠠᠢᠷ᠎ᠠ ᠪᠠᠷ ᠳᠤᠲᠠᠭ᠎ᠠ ᠦᠭᠡᠢ ᠴᠦ᠍
ᠳᠠᠭᠤᠤ ᠪᠠᠷ ᠳᠤᠲᠠᠭᠰᠠᠨ ᠶᠤᠮ ᠰᠢᠭ᠋
ᠬᠠᠷᠠᠴᠠ ᠪᠠᠨ ᠤᠨᠠᠭᠠᠨ ᠭᠥᠯᠢᠷᠡᠵᠦ
ᠴᠡᠴᠡᠭᠳᠡᠯᠭᠡᠷ ᠮᠢᠨᠢ ᠪᠣᠳᠣᠯᠬᠢᠯᠠᠯᠠ
ᠨᠠᠢᠷ ᠤ᠋ᠨ ᠬᠢᠨᠢ ᠭᠡᠷ ᠡᠴᠡ ᠭᠠᠷᠤᠯ᠎ᠠ
ᠲᠣᠭᠣᠨᠣ ᠲᠤᠱᠠ ᠰᠠᠯᠭᠠᠵᠤ
ᠴᠤᠯᠪᠤᠭᠤᠷ ᠠᠪᠤᠨ ᠡᠷᠭᠢᠲᠡᠯ᠎ᠡ
ᠲᠣᠷᠭᠠᠨ ᠳᠡᠪᠡᠯ ᠦ᠋ᠨ ᠬᠢᠨᠢ ᠬᠣᠷᠮᠣᠢ
ᠨᠢᠳᠦᠨ ᠦ᠌ ᠦᠵᠦᠭᠦᠷ ᠲᠦ᠍ ᠬᠠᠷᠠᠭᠳᠠᠪᠠ
ᠵᠢᠯᠣᠭᠣ ᠬᠤᠮᠢᠨ ᠬᠤᠷᠢᠶᠠᠵᠤ
ᠡᠷᠭᠢᠴᠡᠭᠡ ᠲᠣᠭᠲᠠᠭᠠᠨ ᠮᠣᠷᠳᠠᠲᠠᠯ᠎ᠠ
ᠵᠠᠭᠠᠨ ᠤ᠋ ᠶᠠᠰᠤᠨ ᠰᠡᠢᠯᠪᠦᠷᠢ ᠰᠢᠭ
ᠰᠠᠢᠬᠠᠨ ᠴᠢᠷᠠᠢ ᠨᠢ ᠦᠵᠡᠭᠳᠡᠪᠡ
ᠭᠡᠮ ᠬᠢᠭᠡ ᠦᠭᠡᠢ ᠮᠣᠷᠢᠨ ᠳ᠋ᠠᠭᠠᠨ
ᠲᠠᠰᠢᠭᠤᠷ ᠥᠭᠭᠦᠨ ᠤᠬᠤᠰᠬᠢᠵᠦ
ᠭᠡᠷ ᠦ᠋ᠨ ᠬᠢᠨᠢ ᠭᠠᠳᠠᠨ᠎ᠠ ᠠ᠋ᠴᠠ ᠪᠢ
ᠱᠠᠭᠠᠢ ᠶ᠋ᠢᠨ ᠰᠤᠮᠤ ᠰᠢᠭ᠋ ᠥᠰᠥᠷᠬᠡᠯᠡ
ᠬᠠᠮᠢᠭ᠎ᠠ ᠬᠦᠷᠬᠦ ᠪᠡᠨ ᠮᠡᠳᠡᠬᠦ ᠦᠭᠡᠢ᠂
ᠭᠦᠶᠦᠳᠡᠯ ᠰᠠᠯᠬᠢᠨ ᠳᠤᠮᠳᠠ
ᠬᠠᠢᠷ᠎ᠠ ᠶ᠋ᠢᠨ ᠰᠡᠳᠬᠢᠯ ᠲᠡᠰᠦᠭᠰᠡᠨ ᠦᠭᠡᠢ
ᠡᠷᠭᠢᠵᠦ ᠬᠠᠷᠠᠯ᠎ᠠ
ᠵᠡᠷᠭᠡᠯᠭᠡᠨ ᠳᠤᠮᠳᠠ ᠬᠣᠴᠣᠷᠬᠤ ᠨᠢ
ᠵᠡᠭᠦᠳᠦᠨ ᠦ᠌ ᠶᠦᠮ ᠰᠢᠭ ᠦᠵᠡᠰᠬᠦᠯᠡᠩ ᠲᠡᠢ ᠴᠦ᠍
ᠵᠣᠷᠭᠣ ᠪᠠᠷ ᠪᠣᠯᠳᠠᠭ ᠦᠭᠡᠢ ᠲᠠᠪᠢᠯᠠᠩ ᠤ᠋ᠨ
ᠦᠨᠡᠨ ᠡᠴᠡ ᠠᠶᠤᠬᠤ ᠰᠢᠭ᠋ ᠬᠣᠯᠠᠳᠬᠤ ᠳ᠋ᠤ᠌
ᠠᠪᠴᠤ ᠴᠢᠳᠠᠭ᠎ᠠ ᠦᠭᠡᠢ ᠪᠦᠯᠡᠵᠡᠭ ᠦ᠋ᠨ
ᠥᠩᠭᠡ ᠨᠢ ᠤᠯᠠᠮ ᠰᠠᠢᠬᠠᠨ ᠭᠡᠵᠦ
ᠠᠭᠰᠤᠮ ᠮᠣᠷᠢᠨ ᠤ᠋ ᠭᠦᠶᠦᠳᠡᠯ ᠳᠤᠮᠳᠠ
ᠶᠢᠷᠲᠢᠨᠴᠦ ᠰᠢᠪᠡᠨᠡᠬᠦ ᠰᠢᠭ ᠰᠠᠨᠠᠭᠳᠠᠪᠠ
ᠴᠡᠷᠢᠭ ᠡᠴᠡ ᠬᠠᠯᠠᠭᠳᠠᠭᠰᠠᠨ ᠨᠥᠬᠥᠷ ᠨᠢ
ᠨᠠᠭᠠᠳᠤᠮ ᠤ᠋ᠨ ᠳᠠᠷᠠᠭ᠎ᠠ ᠢᠷᠡᠵᠦ
ᠴᠡᠴᠡᠭᠳᠡᠯᠭᠡᠷ ᠦ᠋ᠨ ᠮᠢᠨᠢ ᠬᠤᠷᠢᠮ
ᠨᠠᠮᠤᠷ ᠤ᠋ᠨ ᠳᠤᠮᠳᠠ ᠰᠠᠷ᠎ᠠ ᠳ᠋ᠤ᠌ ᠪᠣᠯᠤᠯ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
