ᠪᠣᠷᠣᠭ᠎ᠠ – ᠪᠠᠪᠤᠤ ᠶ᠋ᠢᠨ ᡀᠬᠠᠪᠠᠰᠥ᠋ᠷᠦᠩ Бороо – Бавуугийн Лхагвасүрэн
ᠪᠣᠷᠣᠭ᠎ᠠ
ᠠᠷᠤ ᠶ᠋ᠢᠨ ᠠᠭᠤᠯᠠᠨ ᠳᠡᠭᠡᠷ᠎ᠡ ᠵᠠᠩᠭᠢᠷᠠᠭᠰᠠᠨ
ᠡᠭᠦᠯᠡᠨ ᠦ᠌ ᠰᠡᠭᠦᠳᠡᠷ ᠢᠷᠡᠬᠦ ᠳ᠋ᠦ᠍
ᠠᠷᠭᠠᠯ ᠤ᠋ᠨ ᠪᠦᠲᠡᠭᠡᠯᠭᠡ ᠳᠡᠷᠪᠡᠯᠵᠡᠪᠡ᠃
ᠰᠡᠵᠢᠭᠦᠷ ᠢ᠋ ᠨᠢ ᠴᠢᠯᠠᠭᠤ ᠪᠠᠷ ᠳᠠᠷᠤᠬᠤ ᠠ᠋ᠴᠠ᠁
ᠡᠨᠡᠭᠦᠬᠡᠨ ᠲᠤᠯᠤᠭᠠᠳ ᠤ᠋ᠨ ᠳᠡᠭᠡᠭᠦᠷ
ᠪᠣᠷᠣᠭ᠎ᠠ ᠰᠠᠭᠠᠷᠠᠯᠳᠤᠭᠠᠳ
ᠡᠮᠡᠭᠡᠯ ᠦ᠋ᠨ ᠣᠯᠣᠩᠴᠣᠭ ᠰᠠᠮᠪᠠᠢᠪᠠ᠃
ᠰᠠᠩᠬᠠᠶᠤᠤ ᠭᠥᠯᠢᠮ ᠢ᠋ ᠨᠢ ᠰᠢᠭᠤᠬᠤ ᠠ᠋ᠴᠠ᠁
ᠶᠡᠬᠡ ᠬᠦᠯᠢᠶᠡᠭᠰᠡᠨ ᠪᠣᠷᠣᠭᠠᠨ ᠤ᠋ ᠡᠮᠦᠨ᠎ᠡ
ᠲᠩᠷᠢ ᠠᠮᠢᠰᠬᠤᠭ᠎ᠠ ᠳᠠᠷᠤᠬᠤ ᠳ᠋ᠤ᠌
ᠡᠯᠢᠶᠡᠨ ᠦ᠌ ᠦᠷᠭᠦᠭᠡᠯᠭᠡ ᠱᠣᠯᠪᠣᠢᠪᠠ᠃
ᠳᠡᠯᠭᠡᠭᠡᠲᠡᠢ ᠠᠭᠠᠷᠤᠤᠯ ᠢ᠋ᠶ᠋ᠠᠨ ᠣᠷᠣᠭᠤᠯᠬᠤ ᠠ᠋ᠴᠠ᠁
ᠬᠠᠯᠠᠭᠤᠨ ᠲᠩᠷᠢ ᠶ᠋ᠢ ᠢᠷᠡᠨ ᠭᠢᠯᠪᠠᠭ᠎ᠠ
ᠴᠠᠬᠢᠨ ᠬᠠᠯᠢᠭᠤᠨ ᠲᠠᠯ᠎ᠠ ᠶ᠋ᠢᠨ ᠡᠪᠡᠰᠦ ᠰᠥᠭᠥᠳᠪᠡ᠃
ᠡᠷᠦᠬᠡ ᠪᠡᠨ ᠬᠣᠰᠢᠭᠤᠯᠳᠠᠬᠤ ᠠ᠋ᠴᠠ᠁
ᠪᠣᠷᠣᠭ᠎ᠠ ᠰᠠᠷᠠᠴᠢᠭᠰᠠᠨ ᠣᠷᠣᠨ ᠵᠠᠢ ᠳ᠋ᠤ᠌
ᠰᠠᠭᠠᠬᠠᠯᠲᠠ ᠶ᠋ᠢᠨ ᠳᠡᠷᠡᠨ ᠦ᠌ ᠬᠢ ᠮᠢᠨᠢ
ᠬᠠᠷᠠᠭᠳᠠᠬᠤ ᠪᠠᠨ ᠪᠠᠢᠪᠠ᠃
ᠭᠡᠷ ᠲᠡᠭᠡᠨ ᠣᠷᠣᠬᠤ ᠠ᠋ᠴᠠ᠁
2010 ᠣᠨ ᠥᠨᠵᠢᠭᠦᠯ᠂ ᠲᠠᠯ᠎ᠠ ᠶ᠋ᠢᠨ ᠪᠣᠷᠣ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
