ᠵᠢᠷᠦᠬᠡᠨ ᠤ ᠴᠢᠭᠢᠭ – ᠱ᠂ ᠭᠦᠷᠦᠪᠠᠽᠠᠷ Зүрхний чийг - Ш᠂ Гүрбазар
ᠵᠢᠷᠦᠬᠡᠨ ᠤ ᠴᠢᠭᠢᠭ
ᠦᠬᠦᠬᠦ ᠡᠴᠡ ᠪᠡᠨ ᠡᠮᠦᠨ᠎ᠡ
ᠦᠬᠦᠲᠡᠯ᠎ᠡ ᠪᠡᠨ ᠨᠢᠭᠡ ᠳᠤᠷᠠᠯᠠᠬᠤ ᠶᠤᠮᠰᠠᠨ
ᠦᠷ᠎ᠡ ᠠᠴᠢ ᠳ᠋ᠠᠭᠠᠨ ᠠᠳᠠᠯᠠᠭᠳᠠᠭᠠᠳ
ᠭᠡᠷ ᠡᠴᠡ ᠪᠡᠨ ᠬᠥᠭᠡᠭᠡᠭᠳᠡᠬᠦ ᠶᠤᠮᠰᠠᠨ
ᠦᠢᠯᠡ ᠶ᠋ᠢᠨ ᠦᠷ᠎ᠡ ᠳ᠋ᠡᠭᠡᠨ ᠬᠥᠲᠥᠯᠦᠭᠳᠡᠭᠰᠡᠨ
ᠪᠥᠷᠲᠦᠩ ᠬᠥᠬᠡ ᠳᠣᠭᠳᠣᠯᠤᠯ ᠢ᠋ ᠮᠢᠨᠢ
ᠦᠷᠦ ᠡᠪᠡᠳᠬᠦ ᠳ᠋ᠡᠭᠡᠨ
ᠪᠤᠷᠬᠠᠨ ᠴᠦ᠍ ᠤᠶᠠᠷᠠᠬᠤ ᠶᠤᠮ ᠪᠢᠯᠡ ᠤᠤ᠂ ᠬᠡᠨ ᠮᠡᠳᠡᠯ᠎ᠡ
ᠵᠣᠭᠰᠣᠭᠠᠵᠤ ᠴᠢᠳᠠᠬᠤ ᠦᠭᠡᠢ
ᠰᠡᠳᠬᠢᠯ ᠦ᠋ᠨ ᠢ᠋ᠶ᠋ᠡᠨ ᠰᠡᠮᠡᠷᠬᠡᠨ ᠳ᠋ᠦ᠍ᠨᠢ
ᠲᠠᠭᠠᠷᠠᠭᠰᠠᠨ ᠨᠠᠮᠠᠶ᠋ᠢ ᠬᠠᠷᠠᠭᠠᠳ
ᠵᠣᠪᠠᠯᠠᠩ ᠤ᠋ᠨ ᠠᠯᠠᠭ ᠨᠢᠳᠦ ᠴᠢᠭᠢᠭᠲᠦᠬᠦ ᠴᠦ᠍ ᠶᠤᠮ ᠪᠢᠯᠡ ᠤᠤ᠂ ᠬᠡᠨ ᠮᠡᠳᠡᠯ᠎ᠡ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
